ᠲᠤᠯᠭᠤᠷ ᠲᠥᠷᠥ ᠢᠢᠨ 2227᠂ ᠶᠡᠬᠡ ᠮᠣᠩ᠍ᠭᠣᠯ ᠤᠯᠤᠰ ᠤᠨ 812᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107᠂ ᠠᠷᠠᠳ ᠤᠨ ᠬᠤᠪᠢᠰᠬᠠᠯ ᠤᠨ 97 ᠵᠢᠯ ᠦᠨ ᠣᠢ᠂ ᠣᠯᠠᠨ ᠤᠯᠤᠰ ᠤᠨ ᠬᠡᠦᠬᠡᠳ ᠦᠨ 《ᠨᠠᠢᠢᠷᠠᠮᠳᠠᠯ》 ᠴᠣᠭᠴᠠᠯᠠᠪᠤᠷᠢ ᠢᠢᠨ 40 ᠵᠢᠯ ᠦᠨ ᠣᠢ ᠢᠢ ᠲᠤᠰ ᠲᠤᠰ ᠲᠣᠬᠢᠶᠠᠯᠳᠤᠭᠤᠯᠤᠨ ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ 104 ᠳ᠋ᠤᠭᠡᠷ ᠵᠠᠷᠯᠢᠭ ᠭᠠᠷᠭᠠᠵᠤ᠂ ᠣᠯᠠᠨ ᠤᠯᠤᠰ ᠤᠨ ᠬᠡᠦᠬᠡᠳ ᠦᠨ 《ᠨᠠᠢᠢᠷᠠᠮᠳᠠᠯ》 ᠴᠣᠭᠴᠠᠯᠠᠪᠤᠷᠢ ᠢᠢ ᠲᠥᠷᠥ ᠢᠢᠨ ᠳᠡᠭᠡᠳᠦ ᠱᠠᠩᠨᠠᠯ ᠠᠯᠲᠠᠨ ᠭᠠᠳᠠᠰᠤ ᠣᠳᠣᠨ ᠢᠶᠠᠷ ᠱᠠᠩᠨᠠᠯ᠎ᠠ᠃
ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠲᠤ 《…ᠮᠣᠩ᠍ᠭᠣᠯ ᠤᠨ ᠵᠠᠯᠠᠭᠤ ᠬᠣᠢᠢᠴᠢ ᠦᠶ᠎ᠡ ᠢᠢ ᠰᠤᠷᠭᠠᠨ ᠬᠦᠮᠦᠵᠢᠭᠦᠯᠬᠦ᠂ ᠵᠥᠪ ᠢᠷᠭᠡᠨ ᠪᠣᠯᠭᠠᠨ ᠲᠥᠯᠦᠪᠰᠢᠭᠦᠯᠬᠦ ᠦᠢᠯᠡᠰ ᠲᠥ ᠣᠷᠣᠭᠤᠯᠤᠭᠰᠠᠨ ᠲᠤᠰ ᠪᠠᠢᠢᠭᠤᠯᠤᠯᠭ᠎ᠠ ᠢᠢᠨ ᠦᠶ᠎ᠡ ᠦᠶ᠎ᠡ ᠢᠢᠨ ᠠᠵᠢᠯᠲᠠᠨ᠂ ᠠᠯᠪᠠᠨ ᠬᠠᠭᠠᠭᠴᠢ᠂ ᠪᠠᠭᠰᠢ ᠰᠤᠷᠭᠠᠨ ᠬᠦᠮᠦᠵᠢᠭᠦᠯᠦᠭ᠍ᠴᠢᠳ ᠦᠨ ᠬᠢᠴᠢᠶᠡᠯ ᠵᠢᠳᠬᠦᠯ ᠢ ᠥᠨᠳᠥᠷ ᠢᠶᠡᠷ ᠦᠨᠡᠯᠡᠵᠦ ᠣᠯᠠᠨ ᠤᠯᠤᠰ ᠤᠨ ᠬᠡᠦᠬᠡᠳ ᠦᠨ 《ᠨᠠᠢᠢᠷᠠᠮᠳᠠᠯ》 ᠴᠣᠭᠴᠠᠯᠠᠪᠤᠷᠢ ᠢᠢ ᠲᠥᠷᠥ ᠢᠢᠨ ᠳᠡᠭᠡᠳᠦ ᠱᠠᠩᠨᠠᠯ ᠠᠯᠲᠠᠨ ᠭᠠᠳᠠᠰᠤ ᠣᠳᠣᠨ ᠢᠶᠠᠷ ᠱᠠᠩᠨᠠᠰᠤᠭᠠᠢ》 ᠭᠡᠵᠡᠢ᠃
ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠳᠡᠭᠡᠷᠡᠬᠢ ᠵᠠᠷᠯᠢᠭ ᠢ ᠤᠩᠰᠢᠵᠤ᠂ ᠰᠣᠨᠣᠷᠳᠠᠭᠤᠯᠤᠭᠰᠠᠨ ᠤ ᠳᠠᠷᠠᠭ᠎ᠠ ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠯᠲᠠᠨ ᠭᠠᠳᠠᠰᠤ ᠣᠳᠣᠨ ᠢ 《ᠨᠠᠢᠢᠷᠠᠮᠳᠠᠯ》 ᠴᠣᠭᠴᠠᠯᠠᠪᠤᠷᠢ ᠢᠢᠨ ᠲᠤᠭ ᠳᠤ ᠬᠦᠨᠳᠦᠳᠬᠡᠯᠲᠡᠢ ᠪᠡᠷ ᠵᠡᠭᠦᠵᠦ ᠥᠭ᠍ᠭᠥᠯᠡ᠃ ᠮᠥᠨ ᠲᠥᠷᠥ ᠢᠢᠨ ᠲᠡᠷᠢᠭᠦᠨ ᠣᠯᠠᠨ ᠤᠯᠤᠰ ᠤᠨ 《ᠨᠠᠢᠢᠷᠠᠮᠳᠠᠯ》 ᠴᠣᠭᠴᠠᠯᠠᠪᠤᠷᠢ ᠢᠢᠨ 40 ᠵᠢᠯ ᠦᠨ ᠣᠢ ᠢᠢᠨ ᠬᠦᠨᠳᠦᠳᠬᠡᠯ ᠦᠨ ᠠᠷᠭ᠎ᠠ ᠬᠡᠮᠵᠢᠶᠡᠨ ᠳᠥ ᠤᠷᠤᠯᠴᠠᠬᠤ ᠦᠶ᠎ᠡ ᠪᠡᠷ ᠢᠶᠡᠨ ᠦᠭᠡ ᠬᠡᠯᠡᠭᠰᠡᠨ ᠶᠤᠮ᠃
ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄
ᠬᠡᠦᠬᠡᠳ᠂ ᠪᠠᠭᠠᠴᠤᠳ ᠠ᠋
ᠪᠠᠭᠰᠢ ᠰᠤᠷᠭᠠᠨ ᠬᠦᠮᠦᠵᠢᠭᠦᠯᠦᠭ᠍ᠴᠢᠳ᠂ ᠠᠵᠢᠯᠲᠠᠨ ᠤᠳ ᠠ᠋
ᠬᠦᠨᠳᠦᠲᠦ ᠲᠥᠯᠥᠭᠡᠯᠡᠭᠴᠢ᠂ ᠵᠣᠴᠢᠳ ᠠ᠋᠃
ᠲᠠ ᠪᠦᠬᠦᠨ ᠳᠥ ᠣᠯᠠᠨ ᠤᠯᠤᠰ ᠤᠨ ᠬᠡᠦᠬᠡᠳ ᠦᠨ 《ᠨᠠᠢᠢᠷᠠᠮᠳᠠᠯ》 ᠴᠣᠭᠴᠠᠯᠠᠪᠤᠷᠢ ᠢᠢᠨ 40 ᠵᠢᠯ ᠦᠨ ᠣᠢ ᠢᠢᠨ ᠬᠠᠯᠠᠭᠤᠨ ᠮᠡᠨᠳᠦ ᠢᠢ ᠬᠦᠷᠭᠡᠶ᠎ᠡ᠃
ᠬᠡᠦᠬᠡᠳ ᠦᠨ ᠲᠥᠯᠥᠭᠡ ᠹᠣᠨ᠋ᠳ᠋ ᠍ ᠤᠨ ᠬᠥᠷᠥᠩ᠍ᠭᠡ ᠪᠡᠷ ᠪᠠᠷᠢᠭᠳᠠᠭᠰᠠᠨ ᠠᠴᠠ ᠪᠠᠨ ᠬᠣᠢᠢᠰᠢᠬᠢ ᠳᠥᠴᠢᠨ ᠵᠢᠯ ᠦᠨ ᠲᠤᠷᠰᠢᠳᠠ 《ᠨᠠᠢᠢᠷᠠᠮᠳᠠᠯ》 ᠣᠯᠠᠨ ᠤᠯᠤᠰ ᠤᠨ ᠬᠡᠦᠬᠡᠳ ᠦᠨ ᠴᠣᠭᠴᠠᠯᠠᠪᠤᠷᠢ ᠳᠤ ᠮᠣᠩ᠍ᠭᠣᠯ ᠬᠡᠦᠬᠡᠳ ᠦᠳ ᠦᠨ ᠵᠢᠷᠭᠠᠯ ᠪᠠᠶᠠᠰᠤᠯ ᠲᠠᠢ᠂ ᠴᠣᠪᠣᠭᠣ ᠴᠣᠯᠭᠢᠨ ᠳᠠᠭᠤ ᠬᠠᠳᠠᠭᠰᠠᠭᠠᠷ ᠢᠷᠡᠭ᠍ᠰᠡᠨ ᠪᠢᠯᠡ᠃ ᠡᠨᠳᠡ ᠮᠣᠩ᠍ᠭᠣᠯ ᠬᠡᠦᠬᠡᠳ ᠦᠳ ᠭᠠᠳᠠᠭᠠᠳᠤ ᠢᠢᠨ ᠠᠨᠳᠠ ᠨᠥᠬᠦᠳ ᠲᠡᠢ ᠪᠡᠨ ᠲᠠᠨᠢᠯᠴᠠᠵᠤ᠂ ᠨᠥᠬᠥᠷᠯᠡᠨ᠂ ᠨᠢᠭᠡᠨ ᠡᠴᠡ ᠪᠡᠨ ᠰᠤᠷᠤᠯᠴᠠᠭᠰᠠᠭᠠᠷ ᠥᠨᠥᠳᠥᠷ ᠢ ᠬᠦᠷᠦᠭ᠍ᠰᠡᠨ ᠶᠤᠮ᠃
ᠬᠡᠦᠬᠡᠳ ᠦᠳ ᠨᠢ ᠵᠢᠷᠭᠠᠯᠲᠠᠢ ᠥᠰᠴᠦ ᠪᠠᠢᠢᠵᠤ ᠤᠯᠤᠰ ᠤᠨ ᠬᠥᠭ᠍ᠵᠢᠯ ᠤᠷᠤᠭᠰᠢᠯᠠᠳᠠᠭ᠃ 1960-1980 ᠣᠨ ᠤ ᠬᠣᠭᠣᠷᠣᠨᠳᠣ ᠮᠣᠩ᠍ᠭᠣᠯ ᠤᠨ ᠲᠥᠷᠥ ᠡᠴᠡ ᠬᠦᠮᠦᠨ ᠠᠮᠠ ᠪᠠᠨ ᠥᠰᠬᠡᠬᠦ᠂ ᠬᠡᠦᠬᠡᠳ ᠦᠳ ᠢᠶᠡᠨ ᠲᠡᠳᠭᠦᠬᠦ ᠠᠯᠤᠰ ᠤᠨ ᠬᠠᠷᠠᠭᠠᠲᠠᠢ ᠪᠣᠳᠣᠯᠭ᠎ᠠ ᠨᠤᠭᠤᠳ ᠶᠠᠪᠤᠭᠤᠯᠤᠭᠰᠠᠨ ᠤ ᠦᠷ᠎ᠡ ᠳ᠋ᠦᠩ ᠳᠥ 1920᠊ᠭᠠᠣᠨ ᠤᠨ ᠳᠤ 600 ᠮᠢᠩ᠍ᠭᠡ ᠭᠡᠭ᠍ᠳᠡᠵᠦ ᠪᠠᠢᠢᠭᠰᠠᠨ ᠮᠣᠩ᠍ᠭᠣᠯ ᠤᠨ ᠬᠦᠮᠦᠨ ᠠᠮᠠ 3 ᠰᠠᠶ᠎ᠠ ᠭᠠᠷᠤᠢ ᠪᠣᠯᠵᠤ 5 ᠳᠠᠬᠢᠨ ᠥᠰᠬᠦ ᠦᠨᠳᠦᠰᠦ ᠢᠢ ᠲᠠᠯᠪᠢᠭᠰᠠᠨ ᠶᠤᠮ᠃ ᠲᠡᠷᠡ ᠴᠠᠭ ᠦᠶ᠎ᠡ ᠳᠥ ᠬᠡᠦᠬᠡᠳ ᠦᠨ ᠭᠡᠬᠦ ᠲᠣᠳᠣᠳᠬᠠᠯ ᠲᠠᠢ ᠣᠯᠠᠨ ᠪᠠᠢᠢᠭᠤᠯᠤᠮᠵᠢ ᠪᠤᠢ ᠪᠣᠯᠵᠤ᠂ ᠬᠥᠭ᠍ᠵᠢᠵᠦ ᠴᠡᠴᠡᠭ᠍ᠯᠡᠵᠦ ᠪᠠᠢᠢᠭᠰᠠᠨ ᠠᠴᠠ ᠦᠯᠡᠳᠡᠭ᠍ᠰᠡᠨ ᠴᠥᠭᠡᠬᠡᠨ ᠪᠠᠢᠢᠭᠤᠯᠤᠯᠭ᠎ᠠ ᠢᠢᠨ ᠨᠢᠭᠡ ᠨᠢ 《ᠨᠠᠢᠢᠷᠠᠮᠳᠠᠯ》 ᠴᠣᠭᠴᠠᠯᠠᠪᠤᠷᠢ ᠪᠣᠯᠤᠭᠠᠳ ᠪᠠᠢᠢᠨ᠎ᠠ᠃
ᠮᠣᠩ᠍ᠭᠣᠯ ᠤᠯᠤᠰ ᠣᠷᠣᠯᠭ᠎ᠠ ᠪᠠᠭᠠᠲᠠᠢ᠂ ᠪᠣᠯᠤᠮᠵᠢ ᠬᠣᠮᠰᠠ ᠪᠠᠢᠢᠬᠤ ᠳᠤ ᠪᠠᠨ ᠴᠤ ᠬᠡᠦᠬᠡᠳ ᠦᠳ ᠢᠶᠡᠨ ᠠᠩ᠍ᠬᠠᠷᠤᠯ ᠤᠨ ᠭᠠᠳᠠᠨ᠎ᠠ ᠣᠷᠬᠢᠵᠤ ᠪᠠᠢᠢᠭ᠎ᠠ ᠦᠭᠡᠢ ᠶᠤᠮ᠃《ᠬᠡᠦᠬᠡᠳ ᠨᠢᠭᠡᠳᠦᠭᠡᠷ ᠲᠥ》 ᠭᠡᠬᠦ ᠪᠣᠳᠣᠯᠭ᠎ᠠ ᠢᠢ ᠪᠢᠳᠡ ᠶᠠᠮᠠᠷ ᠴᠤ ᠲᠣᠬᠢᠶᠠᠯᠳᠤᠯ ᠳᠤ᠂ ᠬᠡᠵᠢᠶ᠎ᠡ ᠴᠤ ᠣᠷᠬᠢᠵᠤ᠂ ᠭᠡᠭᠡᠵᠦ ᠪᠣᠯᠬᠤ ᠦᠭᠡᠢ᠃ ᠣᠯᠠᠨ ᠬᠡᠦᠬᠡᠳ ᠲᠡᠢ ᠭᠡᠷ ᠪᠦᠯᠢ ᠳᠥ 《ᠬᠡᠦᠬᠡᠳ ᠦᠨ ᠮᠥᠩ᠍ᠭᠥ》 ᠣᠯᠭᠤᠳᠠᠭ ᠪᠣᠯᠤᠭᠰᠠᠨ ᠢᠶᠠᠷ 1960-1980 ᠣᠨ ᠤᠳ ᠲᠤ ᠲᠥᠷᠥᠯᠲᠡ ᠢᠢᠨ ᠲᠡᠰᠦᠷᠡᠯᠲᠡ ᠶᠠᠪᠤᠭᠳᠠᠵᠤ᠂ ᠮᠣᠩ᠍ᠭᠣᠯ ᠤᠨ 《baby boom》 ᠭᠡᠬᠦ ᠨᠡᠷ᠎ᠡ ᠲᠣᠮᠢᠶ᠎ᠠ ᠪᠤᠢ ᠪᠣᠯᠤᠭᠰᠠᠨ᠃ ᠮᠣᠩ᠍ᠭᠣᠯ ᠤᠨ ᠲᠥᠷᠥ ᠵᠠᠯᠭᠠᠮᠵᠢ ᠴᠢᠨᠠᠷ ᠲᠠᠢ ᠪᠠᠢᠢᠬᠤ ᠶᠣᠰᠣᠲᠠᠢ᠃ ᠪᠢᠳᠡ ᠲᠥᠷᠥ ᠵᠠᠰᠠᠭ ᠤᠨ ᠢᠶᠠᠨ ᠡᠮᠦᠨᠡᠬᠢ ᠰᠠᠢᠢᠨ ᠲᠤᠷᠰᠢᠯᠭ᠎ᠠ ᠨᠤᠭᠤᠳ ᠢ ᠦᠭᠡ ᠳᠠᠭᠤᠨ ᠦᠭᠡᠢ ᠦᠷᠭᠦᠯᠵᠢᠯᠡᠭᠦᠯᠬᠦ ᠤᠴᠢᠷᠲᠠᠢ᠃ ᠲᠡᠢᠢᠮᠦ ᠴᠤ ᠤᠴᠢᠷ ᠠᠴᠠ ᠮᠢᠨᠦ ᠵᠦᠭ ᠡᠴᠡ ᠶᠠᠮᠠᠷ ᠨᠢᠭᠡ ᠢᠯᠭᠠᠪᠤᠷᠢᠯᠠᠨ ᠭᠠᠳᠠᠭᠤᠷᠬᠠᠯ ᠦᠭᠡᠢ ᠪᠡᠷ ᠬᠡᠦᠬᠡᠳ ᠪᠦᠷᠢ ᠳᠥ 《ᠬᠡᠦᠬᠡᠳ ᠦᠨ ᠮᠥᠩ᠍ᠭᠥ ᠣᠯᠭᠣᠬᠤ ᠲᠤᠬᠠᠢ》 ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠥᠯ ᠢ ᠰᠠᠨᠠᠭᠠᠴᠢᠯᠠᠭᠰᠠᠨ ᠶᠤᠮ᠃ ᠬᠡᠦᠬᠡᠳ ᠦᠨ ᠮᠥᠩ᠍ᠭᠥ ᠪᠣᠯ ᠬᠠᠯᠠᠮᠵᠢ ᠪᠢᠰᠢ᠃ ᠴᠥᠭᠡᠨ ᠲᠣᠭ᠎ᠠ ᠲᠠᠢ ᠬᠦᠮᠦᠨ ᠠᠮᠠ ᠪᠠᠨ ᠥᠰᠬᠡᠬᠦ ᠤᠯᠠᠮᠵᠢᠯᠠᠯᠲᠤ ᠪᠣᠳᠣᠯᠭ᠎ᠠ᠂ ᠪᠠᠶᠠᠯᠢᠭ ᠢ ᠲᠡᠭ᠍ᠰᠢ ᠬᠤᠪᠢᠶᠠᠷᠢᠯᠠᠬᠤ ᠠᠷᠭ᠎ᠠ ᠬᠡᠷᠡᠭ᠍ᠰᠡᠯ ᠭᠡᠳᠡᠭ ᠢ ᠪᠢ ᠡᠨᠳᠡ ᠳᠠᠬᠢᠨ ᠬᠡᠯᠡᠮᠡᠷ ᠪᠠᠢᠢᠨ᠎ᠠ᠃ ᠪᠢᠳᠡᠨ ᠦ ᠴᠥᠭᠡᠬᠡᠨ ᠮᠣᠩ᠍ᠭᠣᠯᠴᠤᠳ ᠬᠡᠦᠬᠡᠳ ᠦᠳ ᠢᠶᠡᠨ᠂ ᠢᠷᠡᠭᠡᠳᠦᠢ ᠪᠡᠨ ᠬᠠᠢᠢᠷᠠᠯᠠᠬᠤ ᠤᠴᠢᠷᠲᠠᠢ᠃ ᠡᠭᠦᠨ ᠢ ХХ ᠵᠠᠭᠤᠨ ᠤ ᠡᠬᠢᠨ ᠳᠥ ᠰᠣᠳᠣ ᠨᠠᠢᠢᠷᠠᠭᠴᠢ ᠳᠠᠰᠢᠳᠣᠷᠵᠢ ᠢᠢᠨ ᠨᠠᠴᠤᠭᠳᠣᠷᠵᠢ 《ᠮᠣᠩ᠍ᠭᠣᠯ ᠤᠨ ᠦᠷᠡᠰ ᠮᠠᠰᠢ ᠣᠯᠠᠨ ᠪᠣᠯᠲᠤᠭᠠᠢ》 ᠬᠡᠮᠡᠨ ᠲᠣᠪᠴᠢ ᠲᠣᠳᠣᠷᠬᠠᠢ ᠢᠯᠡᠷᠬᠡᠢᠢᠯᠡᠭ᠍ᠰᠡᠨ ᠪᠠᠢᠢᠳᠠᠭ᠃
ᠪᠢᠳᠡᠨ ᠦ ᠢᠷᠡᠭᠡᠳᠦᠢ ᠪᠣᠯᠤᠭᠰᠠᠨ ᠬᠡᠦᠬᠡᠳ ᠦᠨ ᠲᠥᠯᠦᠭᠡᠬᠢ ᠲᠥᠷᠥ ᠢᠢᠨ ᠪᠣᠳᠣᠯᠭ᠎ᠠ ᠨᠢ ᠬᠡᠦᠬᠡᠳ ᠦᠨ ᠮᠥᠩ᠍ᠭᠥ ᠪᠡᠷ ᠬᠢᠵᠠᠭᠠᠷᠯᠠᠭᠳᠠᠬᠤ ᠶᠣᠰᠣ ᠦᠭᠡᠢ᠃ ᠬᠡᠦᠬᠡᠳ ᠦᠨ ᠬᠦᠮᠦᠵᠢᠯ᠂ ᠲᠥᠯᠦᠪᠰᠢᠯ ᠦᠨ ᠲᠥᠯᠦᠭᠡᠬᠢ ᠰᠢᠨ᠎ᠡ ᠪᠦᠲᠦᠭᠡᠨ ᠪᠠᠢᠢᠭᠤᠯᠤᠯᠲᠠ᠂ ᠰᠢᠨ᠎ᠡ ᠮᠡᠳᠡᠯᠭᠡ᠂ ᠲᠧᠭ᠍ᠨᠣᠯᠣᠭᠢ ᠢᠢ ᠨᠡᠪᠲᠡᠷᠡᠭᠦᠯᠬᠦ ᠳᠥ ᠲᠥᠷᠥ ᠬᠥᠷᠥᠩ᠍ᠭᠡ ᠤᠷᠤᠭᠤᠯᠬᠤ ᠡᠭᠦᠷᠭᠡ ᠲᠡᠢ᠃ ᠬᠡᠦᠬᠡᠳ ᠢ ᠳᠡᠭᠡᠳᠦᠯᠡᠵᠦ᠂ ᠬᠡᠦᠬᠡᠳ ᠲᠥ ᠪᠦᠬᠦᠨ ᠢᠶᠡᠨ ᠵᠣᠷᠢᠭᠤᠯᠵᠤ ᠢᠷᠡᠭ᠍ᠰᠡᠨ ᠠᠷᠠᠳ ᠲᠦᠮᠡᠨ ᠪᠢᠳᠡ᠂ ᠤᠯᠠᠮᠵᠢᠯᠠᠯ ᠢᠶᠠᠨ ᠬᠠᠳᠠᠭᠠᠯᠠᠵᠤ᠂ ᠴᠠᠭ ᠦᠷᠭᠦᠯᠵᠢ ᠠᠬᠢᠭᠤᠯᠵᠤ ᠪᠠᠢᠢᠬᠤ ᠶᠣᠰᠣᠲᠠᠢ ᠶᠤᠮ᠃ ᠲᠡᠢᠢᠮᠦ ᠤᠴᠢᠷ ᠠᠴᠠ ᠬᠠᠭᠤᠴᠢᠨ ᠤ 《ᠬᠡᠦᠬᠡᠳ ᠦᠨ ᠲᠥᠯᠥᠭᠡ ᠹᠣᠨ᠋ᠳ᠋》 ᠰᠢᠭ ᠬᠡᠦᠬᠡᠳ᠂ ᠵᠠᠯᠠᠭᠤᠴᠤᠳ ᠲᠤ ᠵᠣᠷᠢᠭᠤᠯᠤᠭᠳᠠᠭᠰᠠᠨ ᠪᠦᠲᠦᠭᠡᠨ ᠪᠠᠢᠢᠭᠤᠯᠤᠯᠲᠠ ᠢᠢ ᠰᠠᠩ᠍ᠬᠦᠵᠢᠭᠦᠯᠬᠦ ᠲᠤᠰᠬᠠᠢ ᠰᠠᠩ ᠪᠠᠢᠢᠭᠤᠯᠬᠤ᠂ ᠤᠭ ᠰᠠᠩ ᠤᠨ ᠬᠥᠷᠥᠩ᠍ᠭᠡ ᠢᠢ ᠲᠥᠰᠥᠪ ᠡᠴᠡ ᠪᠣᠯᠤᠨ ᠭᠠᠳᠠᠭᠠᠳᠤ᠂ ᠳᠣᠲᠣᠭᠠᠳᠤ ᠢᠢᠨ ᠬᠠᠨᠳᠢᠪ᠂ ᠪᠤᠰᠤᠳ ᠡᠬᠢ ᠡᠭᠦᠰᠪᠦᠷᠢ ᠡᠴᠡ ᠪᠦᠷᠢᠳᠦᠭᠦᠯᠬᠦ ᠪᠣᠯᠤᠮᠵᠢ ᠲᠠᠢ ᠪᠠᠢᠢᠬᠤ ᠪᠠᠷ ᠪᠣᠳᠣᠯᠭ᠎ᠠ ᠪᠣᠯᠪᠠᠰᠤᠷᠠᠭᠤᠯᠬᠤ ᠱᠠᠭᠠᠷᠳᠠᠯᠭ᠎ᠠ ᠲᠤᠯᠭᠠᠷᠠᠵᠤ ᠪᠠᠢᠢᠭ᠎ᠠ ᠢᠢ ᠵᠠᠰᠠᠭ ᠤᠨ ᠭᠠᠵᠠᠷ᠂ ᠤᠯᠤᠰ ᠤᠨ ᠶᠡᠬᠡ ᠬᠤᠷᠠᠯ ᠰᠣᠷᠭᠣᠭ ᠢᠶᠠᠷ ᠮᠡᠳᠡᠷᠡᠵᠦ ᠪᠣᠳᠣᠯᠭ᠎ᠠ ᠭᠠᠷᠭᠠᠭᠠᠰᠠᠢ᠂ ᠰᠠᠨᠠᠭᠠᠴᠢᠯᠠᠭᠠᠲᠠᠢ ᠠᠵᠢᠯᠯᠠᠭᠠᠰᠠᠢ ᠭᠡᠵᠦ ᠬᠦᠰᠡᠵᠦ ᠪᠠᠢᠢᠨ᠎ᠠ᠃
ᠮᠣᠩ᠍ᠭᠣᠯᠴᠤᠳ ᠠᠴᠠ ᠥᠩ᠍ᠭᠡᠷᠡᠭ᠍ᠰᠡᠨ ᠵᠠᠭᠤᠨ ᠳᠤ ᠬᠡᠦᠬᠡᠳ ᠦᠨ ᠲᠥᠯᠥᠭᠡ ᠬᠢᠭ᠍ᠰᠡᠨ ᠬᠠᠮᠤᠭ ᠤᠨ ᠲᠣᠮᠣ᠂ ᠬᠠᠮᠤᠭ ᠤᠨ ᠬᠦᠷᠲᠡᠭᠡᠮᠵᠢᠲᠡᠢ ᠪᠦᠲᠦᠭᠡᠨ ᠪᠠᠢᠢᠭᠤᠯᠤᠯᠲᠠ ᠢᠢᠨ ᠨᠢᠭᠡ ᠪᠣᠯᠬᠤ 《ᠨᠠᠢᠢᠷᠠᠮᠳᠠᠯ》 ᠵᠤᠰᠠᠯᠠᠩ ᠤᠨ 40 ᠵᠢᠯ ᠦᠨ ᠣᠢ ᠢᠢᠨ ᠮᠡᠨᠳᠦ ᠢᠢ ᠠᠬᠢᠨ ᠳᠡᠪᠰᠢᠭᠦᠯᠦᠭᠡᠳ᠂ ᠠᠵᠠ ᠵᠢᠷᠭᠠᠯ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃ ᠤᠯᠤᠰ ᠣᠷᠣᠨ ᠤ ᠪᠠᠨ ᠢᠷᠡᠭᠡᠳᠦᠢ ᠪᠣᠯᠤᠭᠰᠠᠨ ᠲᠠ ᠨᠠᠷ ᠮᠢᠨᠢ ᠶᠡᠬᠡ ᠢᠢ ᠰᠤᠷᠴᠤ᠂ ᠵᠥᠪ ᠢ ᠳᠠᠳᠤᠭᠤᠯᠵᠤ᠂ ᠡᠬᠡ ᠣᠷᠣᠨ ᠳᠤ ᠪᠠᠨ ᠶᠡᠬᠡ ᠢᠢ ᠪᠦᠲᠦᠭᠡᠬᠦ ᠢᠷᠭᠡᠨ ᠪᠣᠯᠵᠤ ᠲᠥᠯᠦᠪᠰᠢᠭᠡᠷᠡᠢ᠃ ᠡᠨᠡ ᠦᠢᠯᠡᠰ ᠲᠥ ᠵᠢᠳᠬᠦᠵᠦ ᠪᠠᠢᠢᠭ᠎ᠠ ᠪᠠᠭᠰᠢ᠂ ᠰᠤᠷᠭᠠᠨ ᠬᠦᠮᠦᠵᠢᠭᠦᠯᠦᠭ᠍ᠴᠢᠳ ᠲᠥ ᠪᠡᠨ ᠪᠠᠶᠠᠷᠯᠠᠯ᠎ᠠ᠃
ᠬᠡᠦᠬᠡᠳ ᠦᠨ ᠳᠠᠭᠤᠤ ᠴᠣᠪᠣᠭᠣ ᠴᠣᠯᠭᠢᠨ᠂ ᠬᠦᠮᠦᠵᠢᠭᠦᠯᠦᠭ᠍ᠴᠢ ᠪᠠᠭᠰᠢ ᠨᠠᠷ ᠤᠨ ᠰᠡᠳᠬᠢᠯ ᠲᠡᠨᠢᠭᠦᠨ ᠪᠠᠢᠢᠭ᠃
ᠮᠥᠩᠬᠡ ᠲᠩᠷᠢ ᠢᠢᠨ ᠬᠦᠴᠥᠨ ᠳ᠋ᠤᠷ ᠮᠣᠩ᠍ᠭᠣᠯ ᠤᠨ ᠬᠡᠦᠬᠡᠳ ᠪᠠᠭᠠᠴᠤᠳ ᠴᠡᠩ᠍ᠭᠡᠯ ᠪᠠᠶᠠᠰᠤᠯ ᠳᠦᠭᠦᠷᠡᠩ ᠪᠠᠢᠢᠬᠤ ᠪᠣᠯᠲᠤᠭᠠᠢ》 ᠭᠡᠳ ᠣᠯᠠᠨ ᠤᠯᠤᠰ ᠤᠨ ᠬᠡᠦᠬᠡᠳ ᠦᠨ 《ᠨᠠᠢᠢᠷᠠᠮᠳᠠᠯ》 ᠵᠤᠰᠠᠯᠠᠩ ᠤᠨ ᠬᠠᠮᠲᠤ ᠣᠯᠠᠨ᠂ ᠠᠮᠠᠷᠠᠭᠴᠢ ᠬᠡᠦᠬᠡᠳ ᠦᠳ ᠲᠥ ᠠᠮᠵᠢᠯᠲᠠ ᠬᠦᠰᠡᠵᠦ᠂ ᠪᠠᠶᠠᠷ ᠬᠦᠷᠭᠡᠯ᠎ᠡ᠃
ᠮᠡᠳᠡᠭᠡᠨ ᠦ ᠳᠦᠷᠰᠦ ᠢᠢ ᠬᠦᠯᠢᠶᠡᠨ ᠠᠪᠴᠤ ᠦᠵᠡᠨ᠎ᠡ ᠦᠦ᠄