ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠭ᠍ᠶᠤ ᠲᠣᠯᠤᠭᠠᠶ ᠢᠢᠨ ᠭᠦᠨ ᠦ ᠠᠭᠤᠷᠬᠠᠶ ᠳᠤ ᠠᠵᠢᠯᠯᠠᠯ᠎ᠠ᠃
«ᠣᠭ᠍ᠶᠤ ᠲᠣᠯᠤᠭᠠᠶ» ᠬᠠᠷᠢᠯᠴᠠᠭ᠎ᠠ ᠬᠣᠯᠪᠤᠭᠠᠨ ᠤ ᠻᠣᠮᠫᠠᠨᠢ 2022 ᠣᠨ ᠳᠤ ᠭᠦᠨ ᠦ ᠠᠭᠤᠷᠬᠠᠶ ᠢᠢ ᠨᠡᠭᠡᠭᠡᠵᠦ᠂ ᠥᠩ᠋ᠭᠡᠷᠡᠭᠰᠡᠨ ᠣᠨ ᠳᠤ 124 ᠳ᠋ᠡᠬᠢ ᠬᠦᠳᠡᠷᠢ ᠪᠠᠭᠤᠯᠭᠠᠭᠤᠷ ᠤᠨ ᠲᠡᠰᠦᠯᠦᠭᠡ ᠬᠢᠭ᠍ᠰᠡᠨ ᠪᠠᠢᠢᠨ᠎ᠠ᠃ 2025 ᠣᠨ ᠳᠤ ᠠᠭᠤᠷᠬᠠᠶ ᠢᠢᠨ ᠣᠯᠪᠤᠷᠢᠯᠠᠯᠲᠠ ᠡᠮᠦᠨᠡᠬᠢ ᠣᠨ ᠠᠴᠠ 50 ᠬᠤᠪᠢ ᠪᠠᠷ ᠨᠡᠮᠡᠭᠳᠡᠨ ᠵᠡᠰ ᠦᠨ ᠪᠠᠶᠠᠵᠢᠮᠠᠯ ᠤᠨ ᠦᠢᠯᠡᠳᠪᠦᠷᠢᠯᠡᠯ ᠥᠰᠴᠡᠢ᠃


2028-2030 ᠣᠨ ᠳᠤ ᠭᠦᠨ ᠦ ᠪᠣᠯᠤᠨ ᠢᠯᠡ ᠠᠭᠤᠷᠬᠠᠶ ᠠᠴᠠ ᠵᠢᠯ ᠳᠥ ᠳᠤᠮᠳᠠᠵᠢ ᠪᠠᠷ 500 ᠮᠢᠩ᠋ᠭᠠᠨ ᠲᠣᠨᠠ ᠵᠡᠰ ᠦᠢᠯᠡᠳᠪᠦᠷᠢᠯᠡᠬᠦ ᠲᠥᠯᠦᠪ ᠲᠡᠢ ᠪᠠᠢᠢᠨ᠎ᠠ᠃
ᠥᠭᠡᠷ᠎ᠡ ᠪᠡᠷ ᠬᠡᠯᠪᠡᠯ ᠣᠷᠭᠢᠯ ᠦᠶ᠎ᠡ ᠳᠥ ᠪᠡᠨ ᠡᠳᠦᠷ ᠲᠥ 17.000 ᠴᠠᠬᠢᠯᠭᠠᠨ ᠠᠦ᠋ᠲ᠋ᠣᠮᠠᠱᠢᠨ ᠦᠢᠯᠡᠳᠪᠦᠷᠢᠯᠡᠬᠦ ᠬᠡᠮᠵᠢᠶᠡᠨ ᠦ ᠵᠡᠰ ᠦᠢᠯᠡᠳᠪᠦᠷᠢᠯᠡᠳᠡᠭ ᠳᠡᠯᠡᠬᠡᠶ ᠢᠢᠨ ᠳᠥᠷᠪᠡ ᠳ᠋ᠡᠬᠢ ᠲᠣᠮᠤ ᠵᠡᠰ ᠦᠨ ᠠᠭᠤᠷᠬᠠᠶ ᠪᠣᠯᠬᠤ ᠶᠤᠮ᠃
1.300 ᠮᠧᠲ᠋ᠷ ᠦᠨ ᠭᠦᠨ ᠳᠥ ᠳᠡᠯᠡᠬᠡᠶ ᠳᠥ ᠲᠡᠷᠢᠭᠦᠯᠡᠬᠦ ᠪᠦᠲᠦᠭᠡᠨ ᠪᠠᠢᠢᠭᠤᠯᠤᠯᠲᠠ ᠢᠢ ᠠᠮᠵᠢᠯᠲᠠᠲᠠᠢ ᠬᠢᠭ᠍ᠰᠡᠨ ᠮᠣᠩ᠋ᠭᠤᠯ ᠵᠠᠯᠠᠭᠤᠰ᠂ ᠭᠠᠳᠠᠭᠠᠳᠤ ᠢᠢᠨ ᠮᠡᠷᠭᠡᠵᠢᠯᠲᠡᠨ ᠨᠦᠭᠦᠳ ᠲᠥ ᠶᠡᠷᠦᠩᠬᠡᠢᠢᠯᠡᠭᠴᠢ ᠤ·ᠬᠦᠷᠡᠯᠰᠦ᠋ᠬᠡ ᠲᠠᠯᠠᠷᠬᠠᠯ ᠢᠯᠡᠷᠬᠡᠢᠢᠯᠡᠯ᠎ᠡ᠃

ᠡᠨᠡ ᠪᠦᠲᠦᠭᠡᠨ ᠪᠠᠢᠢᠭᠤᠯᠤᠯᠲᠠ ᠠᠭᠤᠯᠠ ᠠᠭᠤᠷᠬᠠᠶ ᠢᠢᠨ ᠰᠠᠯᠪᠤᠷᠢ ᠳᠤ ᠰᠠᠢᠢᠨ ᠵᠢᠱᠢᠭ ᠪᠣᠯᠤᠨ ᠬᠥᠭ᠍ᠵᠢᠨ᠎ᠡ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠬᠡᠯᠡᠪᠡ᠃
ᠣᠭ᠍ᠶᠤ ᠲᠣᠯᠤᠭᠠᠶ ᠢᠢᠨ ᠠᠭᠤᠷᠬᠠᠶ ᠢᠢᠨ ᠦᠢᠯᠡᠳᠪᠦᠷᠢᠯᠡᠯ᠂ ᠣᠯᠪᠤᠷᠢᠯᠠᠯᠲᠠ ᠵᠢᠯ ᠡᠴᠡ ᠵᠢᠯ ᠳᠥ ᠨᠡᠮᠡᠭᠳᠡᠵᠦ ᠪᠠᠢᠢᠭ᠎ᠠ ᠪᠥᠭᠡᠳ ᠳᠡᠯᠡᠬᠡᠶ ᠳᠥ ᠲᠡᠷᠢᠭᠦᠯᠡᠬᠦ ᠥᠨᠳᠦᠷ ᠲ᠋ᠧᠭᠨᠣᠯᠤᠭᠢ ᠢᠢ ᠨᠡᠪᠲᠡᠷᠡᠭᠦᠯᠦᠨ᠂ ᠠᠶᠤᠯ ᠦᠭᠡᠢ ᠠᠵᠢᠯᠯᠠᠭ᠎ᠠ ᠢᠢ ᠪᠦᠷᠢᠨ ᠬᠠᠩᠬ᠋ᠠᠨ ᠠᠵᠢᠯᠯᠠᠵᠤ ᠪᠠᠢᠢᠭ᠎ᠠ ᠨᠢ ᠠᠭᠤᠷᠬᠠᠶ ᠢᠢᠨ ᠨᠡᠢᠢᠲᠡ ᠬᠠᠮᠲᠤ ᠣᠯᠠᠨ ᠤ ᠬᠦᠴᠦ ᠬᠥᠳᠡᠯᠮᠦᠷᠢ᠂ ᠬᠦᠴᠦᠨ ᠵᠢᠳᠬᠦᠯ ᠭᠡᠳᠡᠭ ᠢ ᠣᠨᠴᠠᠯᠠᠯ᠎ᠠ᠃
ᠴᠢᠨᠠᠭᠰᠢᠳᠠ ᠢᠯᠡᠭᠦᠦ ᠣᠯᠠᠨ ᠠᠵᠤ ᠠᠬᠤᠶ ᠢᠢᠨ ᠨᠢᠭᠡᠴᠡ᠂ ᠢᠷᠭᠡᠨ᠂ ᠪᠠᠶᠠᠯᠢᠭ ᠪᠦᠲᠦᠭᠡᠭ᠍ᠴᠢ ᠲᠡᠢ ᠬᠠᠮᠲᠤᠷᠠᠨ ᠠᠵᠢᠯᠯᠠᠵᠤ᠂ ᠲᠡᠳᠡᠨ ᠦ ᠪᠢᠽᠢᠨᠧᠰ ᠢ ᠳᠡᠮᠵᠢᠨ᠎ᠡ ᠭᠡᠳᠡᠭ ᠲᠥ ᠢᠲᠡᠭᠡᠵᠦ ᠪᠠᠢᠢᠭ᠎ᠠ ᠪᠠᠨ ᠢᠯᠡᠷᠬᠡᠢᠢᠯᠡᠯ᠎ᠡ᠃

«ᠷᠢᠣ᠋ ᠲᠢᠨ᠋ᠲ᠋ᠣ᠋» ᠭᠷᠦ᠋ᠫ ᠦᠨ ᠭᠦᠢᠴᠡᠳᠬᠡᠬᠦ ᠵᠠᠬᠢᠷᠤᠯ ᠶᠠᠻᠣᠪ ᠰᠲ᠋ᠠ᠊ᠦ᠋ᠰᠾᠣᠯᠮ᠂ ᠣᠭ᠍ᠶᠤ ᠲᠣᠯᠤᠭᠠᠶ ᠢᠢᠨ ᠣᠷᠳᠤ ᠠᠴᠠ ᠣᠯᠪᠤᠷᠢᠯᠠᠵᠤ ᠪᠠᠢᠢᠭ᠎ᠠ ᠵᠡᠰ ᠨᠣᠭᠤᠭᠠᠨ ᠬᠥᠭ᠍ᠵᠢᠯ ᠳᠥ ᠮᠣᠩ᠋ᠭᠤᠯ ᠤᠯᠤᠰ ᠤᠨ ᠣᠷᠤᠭᠤᠯᠵᠤ ᠪᠠᠢᠢᠭ᠎ᠠ ᠬᠤᠪᠢ ᠨᠡᠮᠡᠷᠢ᠃ ᠡᠨᠳᠡ ᠦᠢᠯᠡᠳᠪᠦᠷᠢᠯᠡᠭᠰᠡᠨ ᠵᠡᠰ ᠦᠨ ᠪᠠᠶᠠᠵᠢᠮᠠᠯ ᠳᠡᠯᠡᠬᠡᠶ ᠳᠠᠬᠢᠨ ᠳᠤ ᠰᠠᠯᠬᠢᠨ ᠰᠡᠩᠰᠡ᠂ ᠴᠠᠬᠢᠯᠭᠠᠨ ᠲᠡᠭᠡᠭᠡᠪᠦᠷᠢ ᠢᠢᠨ ᠬᠡᠷᠡᠭᠰᠡᠯ᠂ ᠰᠡᠷᠭᠦᠭᠡᠭ᠍ᠳᠡᠬᠦ ᠡᠷᠴᠢᠮ ᠬᠦᠴᠦᠨ ᠦ ᠳᠡᠳ᠋ ᠪᠦᠲᠦᠴᠡ ᠢᠢᠨ ᠠᠮᠢᠨ ᠴᠢᠬᠤᠯᠠ ᠣᠷᠤᠴᠠ ᠭᠡᠳᠡᠭ ᠢ ᠬᠡᠯᠡᠯ᠎ᠡ᠃

«ᠷᠢᠣ᠋ ᠲᠢᠨ᠋ᠲ᠋ᠣ᠋» ᠭᠷᠦ᠋ᠫ ᠣᠭ᠍ᠶᠤ ᠲᠣᠯᠤᠭᠠᠶ ᠳᠤ 2023 ᠣᠨ ᠤ ᠪᠠᠢᠢᠳᠠᠯ ᠢᠶᠠᠷ 17 ᠣᠷᠴᠢᠮ ᠲᠡᠷᠪᠤᠮ ᠠᠮᠠ᠊·ᠳ᠋ᠣᠯᠯᠠᠷ ᠤᠨ ᠬᠥᠷᠦᠩ᠋ᠭᠡ ᠣᠷᠤᠭᠤᠯᠤᠭᠠᠳ ᠪᠠᠢᠢᠨ᠎ᠠ᠃ 2010 ᠣᠨ ᠠᠴᠠ ᠬᠣᠢᠢᠰᠢ 12 ᠶᠡᠬᠡ ᠨᠠᠶᠤᠳ ᠲᠥᠭᠦᠷᠢᠭ᠌ ᠦᠨ ᠲᠠᠲᠠᠪᠤᠷᠢ ᠲᠥᠯᠦᠭᠰᠡᠨ᠃
2024 ᠣᠨ ᠤ ᠳᠥᠷᠪᠡ᠊ᠳ᠋ᠦᠭᠡᠷ ᠤᠯᠠᠷᠢᠯ ᠳᠤ 1.000 ᠭᠠᠷᠤᠶ ᠠᠵᠤ ᠠᠬᠤᠶ ᠢᠢᠨ ᠨᠢᠭᠡᠴᠡ ᠲᠡᠢ ᠬᠠᠮᠲᠤᠷᠠᠨ ᠠᠵᠢᠯᠯᠠᠵᠤ᠂ ᠨᠢᠭᠡ ᠶᠡᠬᠡ ᠨᠠᠶᠤᠳ ᠲᠥᠭᠦᠷᠢᠭ᠌ ᠦᠨ ᠬᠤᠳᠠᠯᠳᠤᠨ ᠠᠪᠤᠯᠲᠠ ᠬᠢᠵᠡᠢ᠃
ᠡᠮᠦᠨᠡᠭᠣᠪᠢ ᠠᠢᠢᠮᠠᠭ ᠲᠤ ᠭᠡᠬᠦ ᠳᠥ ᠯᠠ 2010 ᠣᠨ ᠠᠴᠠ ᠬᠣᠢᠢᠰᠢ 4·9 ᠶᠡᠬᠡ ᠨᠠᠶᠤᠳ ᠲᠥᠭᠦᠷᠢᠭ᠌ ᠦᠨ ᠪᠠᠷᠠᠭ᠎ᠠ ᠦᠢᠯᠡᠴᠢᠯᠡᠭᠡ ᠠᠪᠴᠤ᠂ 354 ᠲᠥᠰᠦᠯ ᠳᠥ 187 ᠲᠡᠷᠪᠤᠮ ᠲᠥᠭᠦᠷᠢᠭ᠌ ᠦᠨ ᠰᠠᠩᠬᠦᠵᠢᠯᠲᠡ ᠣᠯᠭᠤᠭᠰᠠᠨ᠃ ᠮᠥᠨ ᠬᠠᠨᠪᠣᠭᠳᠠ ᠢᠢᠨ ᠬᠥᠭ᠍ᠵᠢᠯ ᠢ ᠳᠡᠮᠵᠢᠬᠦ ᠬᠤᠷᠳᠤᠰᠬᠠᠭᠤᠷ ᠰᠠᠩ ᠪᠠᠢᠢᠭᠤᠯᠤᠨ 170 ᠲᠡᠷᠪᠤᠮ ᠲᠥᠭᠦᠷᠢᠭ᠌ ᠦᠨ ᠬᠥᠷᠦᠩ᠋ᠭᠡ ᠣᠷᠤᠭᠤᠯᠵᠤ ᠪᠠᠢᠢᠨ᠎ᠠ᠃
ᠣᠭ᠍ᠶᠤ ᠲᠣᠯᠤᠭᠠᠶ ᠳᠤ 20 ᠭᠠᠷᠤᠶ ᠮᠢᠩ᠋ᠭᠠᠨ ᠬᠦᠮᠦᠨ ᠠᠵᠢᠯᠯᠠᠵᠤ ᠪᠠᠢᠢᠭ᠎ᠠ ᠢᠢᠨ 97 ᠬᠤᠪᠢ ᠨᠢ ᠮᠣᠩ᠋ᠭᠤᠯᠴᠤᠳ᠂ ᠡᠭᠦᠨ ᠡᠴᠡ 25 ᠬᠤᠪᠢ ᠨᠢ ᠡᠮᠦᠨᠡᠭᠣᠪᠢ ᠠᠢᠢᠮᠠᠭ ᠤᠨ ᠢᠷᠭᠡᠳ ᠶᠤᠮ᠃ ᠨᠡᠢᠢᠲᠡ ᠠᠵᠢᠯᠴᠢᠳ ᠤᠨ 23 ᠬᠤᠪᠢ ᠨᠢ ᠡᠮᠡᠭᠲᠡᠢᠢᠴᠦᠳ ᠪᠥᠭᠡᠳ ᠢᠷᠡᠬᠦ 10 ᠵᠢᠯ ᠳᠥ ᠡᠨᠡ ᠲᠣᠭ᠎ᠠ ᠢᠢ 50 ᠬᠤᠪᠢ ᠳᠤ ᠬᠦᠷᠭᠡᠬᠦ ᠪᠡᠷ ᠲᠥᠯᠦᠪᠯᠡᠵᠡᠢ᠃

2014-2024 ᠣᠨ ᠤ ᠪᠠᠢᠢᠳᠠᠯ ᠢᠶᠠᠷ ᠣᠭ᠍ᠶᠤ ᠲᠣᠯᠤᠭᠠᠶ ᠲᠥᠰᠦᠯ ᠮᠠᠨ ᠤ ᠤᠯᠤᠰ ᠤᠨ ᠨᠡᠢᠢᠲᠡ ᠡᠻᠰᠫᠣᠷᠲ ᠤᠨ ᠣᠷᠤᠯᠭ᠎ᠠ ᠢᠢᠨ 17 ᠣᠷᠴᠢᠮ ᠬᠤᠪᠢ᠂ ᠡᠷᠦᠳᠡᠰᠦ ᠪᠦᠲᠦᠭᠡᠭ᠍ᠳᠡᠬᠦᠨ ᠦ ᠡᠻᠰᠫᠣᠷᠲ ᠤᠨ 20 ᠬᠤᠪᠢ᠂ ᠭᠠᠳᠠᠭᠠᠳᠤ ᠸᠠᠯᠦ᠋ᠲ᠋ᠠ ᠢᠢᠨ ᠨᠥᠭᠡᠴᠡ ᠢᠢᠨ 44 ᠬᠤᠪᠢ ᠢᠢ ᠪᠦᠷᠢᠳᠦᠭᠦᠯᠦᠭᠰᠡᠨ ᠪᠠᠢᠢᠨ᠎ᠠ᠃
2024-2051 ᠣᠨ ᠳᠤ ᠡᠨᠡ ᠲᠥᠰᠦᠯ ᠡᠴᠡ ᠮᠠᠨ ᠤ ᠤᠯᠤᠰ ᠤᠨ ᠬᠦᠷᠲᠡᠬᠦ ᠨᠡᠢᠢᠲᠡ ᠥᠭ᠍ᠭᠦᠭᠡᠵᠢ 11·9 ᠲᠡᠷᠪᠤᠮ ᠠᠮᠠ᠊·ᠳ᠋ᠣᠯᠯᠠᠷ ᠪᠣᠯᠬᠤ ᠶᠤᠮ᠃
ᠲᠤᠰ ᠻᠣᠮᠫᠠᠨᠢ «ᠡᠮᠦᠨ᠎ᠡ ᠢᠢᠨ ᠭᠣᠪᠢ ᠢᠢᠨ ᠭᠦᠨ ᠦ ᠠᠭᠤᠷᠬᠠᠶ ᠢᠢᠨ ᠢᠨ᠋ᠰᠲ᠋ᠢᠲ᠋ᠦ᠋ᠲ» ᠪᠠᠢᠢᠭᠤᠯᠵᠤ᠂ ᠠᠭᠤᠯᠠ ᠠᠭᠤᠷᠬᠠᠶ ᠢᠢᠨ ᠰᠠᠯᠪᠤᠷᠢ ᠢᠢᠨ ᠳᠡᠯᠡᠬᠡᠶ ᠳᠥ ᠥᠷᠢᠰᠦᠯᠳᠦᠬᠦ ᠴᠢᠳᠠᠪᠤᠷᠢ ᠲᠠᠢ᠂ ᠳᠣᠲᠤᠭᠠᠳᠤ᠂ ᠭᠠᠳᠠᠭᠠᠳᠤ ᠢᠢᠨ ᠪᠣᠯᠪᠠᠰᠤᠨ ᠬᠦᠴᠦᠨ ᠪᠡᠯᠡᠳᠬᠡᠵᠦ ᠡᠬᠢᠯᠡᠵᠡᠢ᠃


«ᠣᠭ᠍ᠶᠤ ᠲᠣᠯᠤᠭᠠᠶ» ᠬᠠᠷᠢᠯᠴᠠᠭ᠎ᠠ ᠬᠣᠯᠪᠤᠭᠠᠨ ᠤ ᠻᠣᠮᠫᠠᠨᠢ 20 ᠰᠠᠶ᠎ᠠ ᠭᠠᠷᠤᠶ ᠮᠣᠳᠤ ᠲᠠᠷᠢᠵᠤ᠂ ᠤᠷᠭᠤᠭᠤᠯᠤᠭᠠᠳ ᠪᠠᠢᠢᠨ᠎ᠠ
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢ ᠣᠭ᠍ᠶᠤ ᠲᠣᠯᠤᠭᠠᠶ ᠢᠢᠨ ᠭᠦᠨ ᠦ ᠠᠭᠤᠷᠬᠠᠶ ᠳᠤ ᠠᠵᠢᠯᠯᠠᠬᠤ ᠦᠶ᠎ᠡ ᠪᠡᠷ «ᠣᠭ᠍ᠶᠤ ᠲᠣᠯᠤᠭᠠᠶ» ᠬᠠᠷᠢᠯᠴᠠᠭ᠎ᠠ ᠬᠣᠯᠪᠤᠭᠠᠨ ᠤ ᠻᠣᠮᠫᠠᠨᠢ «100 ᠰᠠᠶ᠎ᠠ ᠮᠣᠳᠤ ᠥᠪᠯᠡᠭᠦᠯᠦᠨ ᠦᠯᠡᠳᠡᠭᠡᠶ ᠡ» ᠬᠥᠲᠦᠯᠪᠦᠷᠢ ᠢᠢᠨ ᠢᠶᠡᠨ ᠬᠡᠷᠡᠭᠵᠢᠯᠲᠡ ᠢᠢ ᠲᠠᠨᠢᠯᠴᠠᠭᠤᠯᠤᠯ᠎ᠠ᠃
ᠲᠤᠰ ᠻᠣᠮᠫᠠᠨᠢ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ 100 ᠰᠠᠶ᠎ᠠ ᠮᠣᠳᠤ ᠲᠠᠷᠢᠵᠤ᠂ ᠤᠷᠭᠤᠭᠤᠯᠬᠤ ᠠᠮᠠᠯᠠᠯᠲᠠ ᠠᠪᠤᠭᠰᠠᠨ᠃
ᠬᠠᠷᠢᠭᠤᠴᠠᠯᠭ᠎ᠠ ᠦᠭᠡᠢ ᠠᠭᠤᠯᠠ ᠠᠭᠤᠷᠬᠠᠶ ᠠᠴᠠ ᠪᠣᠯᠵᠤ ᠰᠦᠢᠳᠦᠭᠰᠡᠨ ᠪᠣᠯᠤᠨ ᠳᠣᠷᠤᠢᠢᠲᠠᠭᠰᠠᠨ ᠭᠠᠵᠠᠷ ᠢ ᠨᠥᠬᠦᠨ ᠰᠡᠷᠭᠦᠭᠡᠵᠦ᠂ ᠣᠢᠢᠵᠢᠭᠤᠯᠬᠤ ᠵᠣᠷᠢᠯᠭ᠎ᠠ ᠪᠠᠷ «100 ᠰᠠᠶ᠎ᠠ ᠮᠣᠳᠤ ᠥᠪᠯᠡᠭᠦᠯᠦᠨ ᠦᠯᠡᠳᠡᠭᠡᠶ ᠡ» ᠬᠥᠲᠦᠯᠪᠦᠷᠢ ᠬᠡᠷᠡᠭᠵᠢᠭᠦᠯᠦᠨ 63·5 ᠰᠠᠶ᠎ᠠ ᠮᠣᠳᠤ ᠲᠠᠷᠢᠨ᠎ᠠ᠃ ᠮᠥᠨ ᠣᠢ ᠢᠢᠨ ᠰᠠᠯᠪᠤᠷᠢ ᠢᠢᠨ ᠲᠤᠯᠭᠠᠮᠳᠠᠭᠰᠠᠨ ᠠᠰᠠᠭᠤᠳᠠᠯ ᠤᠳ ᠢ ᠰᠢᠢᠳᠬᠦ᠂ ᠲᠧᠭᠨᠢᠭ ᠦᠨ ᠲᠤᠰᠠᠯᠠᠯᠴᠠᠭ᠎ᠠ ᠦᠵᠡᠭᠦᠯᠬᠦ ᠵᠠᠮ ᠢᠶᠠᠷ 40 ᠰᠠᠶ᠎ᠠ ᠮᠣᠳᠤ ᠲᠠᠢ ᠳᠦᠢᠴᠡᠬᠦ ᠬᠥᠷᠦᠩ᠋ᠭᠡ ᠣᠷᠤᠭᠤᠯᠬᠤ ᠶᠤᠮ᠃
ᠡᠨᠡ ᠬᠦᠷᠢᠶᠡᠨ ᠳᠥ 2022 ᠣᠨ ᠠᠴᠠ ᠬᠣᠢᠢᠰᠢ 20·5 ᠰᠠᠶ᠎ᠠ ᠮᠣᠳᠤ ᠢᠢ ᠪᠣᠳᠠᠲᠤ ᠪᠠᠷ ᠪᠣᠯᠤᠨ ᠳᠦᠢᠴᠡᠭᠦᠯᠬᠦ ᠬᠡᠯᠪᠡᠷᠢ ᠪᠡᠷ ᠲᠠᠷᠢᠵᠤ᠂ ᠤᠷᠭᠤᠭᠤᠯᠤᠭᠠᠳ ᠪᠠᠢᠢᠨ᠎ᠠ᠃
ᠮᠥᠨ:
· ᠬᠠᠨᠪᠣᠭᠳᠠ᠂ ᠴᠣᠭᠲᠤ-ᠣᠪᠤᠭ᠎ᠠ ᠰᠤᠮᠤᠨ ᠳᠤ ᠵᠢᠯ ᠳᠥ 750.000 ᠲᠠᠷᠢᠴᠠ᠂ ᠰᠠᠭᠤᠯᠭᠠᠴᠠ ᠪᠣᠢᠢᠵᠢᠭᠤᠯᠬᠤ ᠬᠦᠴᠦᠨ ᠴᠢᠳᠠᠯ ᠲᠠᠢ ᠮᠣᠳᠤ ᠦᠷᠡᠵᠢᠭᠦᠯᠭᠡ ᠢᠢᠨ ᠭᠠᠵᠠᠷ ᠪᠠᠢᠢᠭᠤᠯᠤᠭᠰᠠᠨ᠂
· ᠡᠨᠡ ᠣᠨ ᠳᠤ ᠮᠠᠩᠯᠠᠶ᠂ ᠪᠠᠶᠠᠨ-ᠣᠪᠤᠭ᠎ᠠ᠂ ᠰᠡᠪᠡᠷᠡᠶ ᠰᠤᠮᠤᠨ ᠳᠤ ᠲᠤᠰ ᠪᠦᠷᠢ 250.000-500.000 ᠲᠠᠷᠢᠴᠠ᠂ ᠰᠠᠭᠤᠯᠭᠠᠴᠠ ᠪᠣᠢᠢᠵᠢᠭᠤᠯᠬᠤ ᠬᠦᠴᠦᠨ ᠴᠢᠳᠠᠯ ᠲᠠᠢ ᠮᠣᠳᠤ ᠦᠷᠡᠵᠢᠭᠦᠯᠭᠡ ᠢᠢᠨ ᠭᠠᠵᠠᠷ ᠪᠠᠢᠢᠭᠤᠯᠤᠨ᠎ᠠ᠂
· ᠪᠣᠭᠳᠠ ᠠᠭᠤᠯᠠ ᠢᠢᠨ ᠲᠤᠰᠬᠠᠶ ᠬᠠᠮᠠᠭᠠᠯᠠᠯᠲᠠ ᠲᠠᠢ ᠭᠠᠵᠠᠷ ᠤᠨ 70 ᠭᠠ ᠲᠠᠯᠠᠪᠠᠢ ᠳᠤ 175.000 ᠮᠣᠳᠤ ᠲᠠᠷᠢᠭᠰᠠᠨ᠂
· 2023 ᠣᠨ ᠳᠤ ᠰᠡᠯᠡᠩᠬᠡ ᠠᠢᠢᠮᠠᠭ ᠤᠨ ᠢᠷᠦᠭᠡ ᠰᠤᠮᠤ ᠢᠢᠨ ᠢᠯᠪᠠᠭ ᠬᠥᠨᠳᠡᠶ ᠳᠥ ᠠᠭᠤᠷᠬᠠᠶ ᠢᠢᠨ ᠣᠯᠪᠤᠷᠢᠯᠠᠯᠲᠠ ᠠᠴᠠ ᠡᠪᠳᠡᠷᠡᠵᠦ ᠣᠷᠬᠢᠭᠳᠠᠭᠰᠠᠨ 400 ᠭᠠ ᠲᠠᠯᠠᠪᠠᠢ ᠢᠢ ᠨᠥᠬᠦᠨ ᠰᠡᠷᠭᠦᠭᠡᠭ᠍ᠰᠡᠨ᠂
· 2024 ᠣᠨ ᠳᠤ ᠳᠠᠷᠬᠠᠨ-ᠠᠭᠤᠯᠠ ᠠᠢᠢᠮᠠᠭ ᠤᠨ ᠰᠢᠷ᠎ᠠ ᠢᠢᠨ ᠭᠣᠣᠯ᠂ ᠬᠣᠩ᠋ᠭᠤᠷ ᠰᠤᠮᠤᠨ ᠳᠤ 215 ᠭᠠ ᠲᠠᠯᠠᠪᠠᠢ ᠳᠤ ᠲᠧᠭᠨᠢᠭ ᠦᠨ ᠨᠥᠬᠦᠨ ᠰᠡᠷᠭᠦᠭᠡᠯᠲᠡ ᠬᠢᠭ᠍ᠰᠡᠨ᠂
· 1·5 ᠲᠡᠷᠪᠤᠮ ᠲᠥᠭᠦᠷᠢᠭ᠌ ᠦᠨ ᠦᠨ᠎ᠡ ᠪᠦᠬᠦᠢ 48 ᠪᠠᠭᠴᠠ ᠲᠣᠨᠤᠭ ᠲᠥᠬᠦᠭᠡᠷᠦᠮᠵᠢ ᠢᠢ ᠣᠢ ᠢᠢᠨ ᠭᠠᠵᠠᠷ ᠲᠤ ᠬᠦᠯᠢᠶᠡᠯᠭᠡᠨ ᠥᠭ᠍ᠭᠦᠭ᠍ᠰᠡᠨ ᠪᠠᠢᠢᠨ᠎ᠠ᠃
«ᠷᠢᠣ᠋ ᠲᠢᠨ᠋ᠲ᠋ᠣ᠋ ᠮᠣᠩ᠋ᠭᠤᠯ» ᠻᠣᠮᠫᠠᠨᠢ 300 ᠮᠢᠩ᠋ᠭ᠎ᠠ ᠭᠠᠷᠤᠶ ᠭᠠ ᠭᠠᠵᠠᠷ ᠲᠤ ᠠᠭᠠᠷ ᠠᠴᠠ ᠬᠣᠣᠷ᠎ᠠ ᠴᠠᠴᠠᠵᠤ᠂ 750 ᠰᠠᠶ᠎ᠠ ᠮᠣᠳᠤ ᠢᠢ ᠬᠥᠨᠦᠭᠡᠯᠲᠦ ᠰᠢᠪᠠᠵᠢ ᠠᠴᠠ ᠬᠠᠮᠠᠭᠠᠯᠠᠭᠰᠠᠨ᠃
ᠴᠢᠨᠠᠭᠰᠢᠳᠠ ᠭᠣᠪᠢ ᠢᠢᠨ ᠪᠦᠰᠡ ᠢᠢ ᠤᠰᠤ ᠪᠠᠷ ᠬᠠᠩ᠋ᠭᠠᠬᠤ ᠵᠣᠷᠢᠯᠭ᠎ᠠ ᠪᠠᠷ «ᠬᠡᠷᠦᠯᠦᠨ ᠲᠣᠭᠤᠨᠤ» ᠲᠥᠰᠦᠯ ᠦᠨ ᠲᠧᠭᠨᠢᠭ᠂ ᠡᠳ᠋ ᠦᠨ ᠵᠠᠰᠠᠭ ᠤᠨ ᠦᠨᠳᠦᠰᠦᠯᠡᠯ ᠢ ᠪᠣᠯᠪᠠᠰᠤᠷᠠᠭᠤᠯᠵᠤ ᠪᠠᠢᠢᠨ᠎ᠠ᠃ ᠻᠣᠮᠫᠠᠨᠢ 2050 ᠣᠨ ᠭᠡᠬᠦ ᠳᠥ ᠬᠦᠯᠡᠮᠵᠢ ᠢᠢᠨ ᠬᠡᠢ ᠢᠢ ᠲᠡᠭᠯᠡᠬᠦ ᠵᠣᠷᠢᠯᠲᠠ ᠲᠠᠯᠪᠢᠵᠡᠢ᠃