ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ «ᠴᠡᠩᠬᠡᠷ ᠠᠯᠲᠠ» ᠦᠨᠳᠦᠰᠦᠨ ᠦ ᠬᠣᠶᠠᠷᠳ᠋ᠤᠭᠠᠷ ᠴᠢᠭᠤᠯᠭᠠᠨ ᠢ «ᠮᠥᠰᠦᠲᠦᠯ᠂ ᠮᠥᠰᠦᠨ ᠭᠣᠣᠯ ᠢᠢᠠᠨ ᠬᠠᠮᠠᠭᠠᠯᠠᠶ ᠠ» ᠤᠷᠢᠶᠠᠨ ᠳᠣᠣᠷ᠎ᠠ ᠲᠥᠷᠦ ᠢᠢᠨ ᠣᠷᠳᠣᠨ ᠳᠤ ᠵᠣᠬᠢᠶᠠᠨ ᠪᠠᠢᠢᠭᠤᠯᠵᠤ ᠪᠠᠢᠢᠨ᠎ᠠ᠃ ᠃
ᠴᠢᠭᠤᠯᠭᠠᠨ ᠢᠶᠠᠷ ᠠᠭᠤᠷ ᠠᠮᠢᠰᠬᠤᠯ ᠤᠨ ᠥᠭᠡᠷᠡᠴᠢᠯᠡᠯᠲᠡ ᠳᠥ ᠳᠠᠰᠤᠨ ᠵᠣᠬᠢᠴᠠᠬᠤ ᠳᠤ ᠤᠰᠤᠨ ᠤ ᠨᠥᠭᠡᠴᠡ ᠢᠢᠨ ᠨᠢᠭᠡᠳᠡᠭᠰᠡᠨ ᠮᠧᠨᠧᠵᠮᠧᠨ᠋ᠲ ᠦᠨ ᠲᠤᠯᠭᠠᠮᠳᠠᠵᠤ ᠪᠤᠢ ᠠᠰᠠᠭᠤᠳᠠᠯ᠂ ᠤᠰᠤᠨ ᠤ ᠨᠥᠭᠡᠴᠡ ᠢᠢᠨ ᠵᠢᠭᠳᠡ ᠬᠤᠪᠢᠶᠠᠷᠢᠯᠠᠯᠲᠠ ᠢᠢ ᠰᠢᠢᠳᠪᠦᠷᠢᠯᠡᠬᠦ ᠠᠷᠭ᠎ᠠ ᠵᠠᠮ᠂ ᠮᠥᠰᠦᠲᠦᠯ᠂ ᠮᠥᠰᠦᠨ ᠭᠣᠣᠯ᠂ ᠴᠡᠪᠳᠡᠭ ᠦᠨ ᠲᠥᠯᠦᠪ ᠪᠠᠢᠢᠳᠠᠯ᠂ ᠬᠠᠢᠢᠯᠠᠯᠲᠠ᠂ ᠥᠭᠡᠷᠡᠴᠢᠯᠡᠯᠲᠡ᠂ ᠢᠷᠡᠭᠡᠳᠦᠶ ᠢᠢᠨ ᠬᠠᠨᠳᠤᠯᠭ᠎ᠠ ᠪᠣᠯᠤᠨ ᠤᠰᠤᠨ ᠤ ᠰᠠᠯᠪᠤᠷᠢ ᠳ᠋ᠠᠬᠢ ᠲᠥᠷᠦ᠂ ᠬᠤᠪᠢ ᠢᠢᠨ ᠬᠡᠪᠰᠢᠯ᠂ ᠮᠡᠷᠭᠡᠵᠢᠯ ᠦᠨ ᠪᠠᠢᠢᠭᠤᠯᠤᠯᠭ᠎ᠠ ᠨᠤᠭᠤᠳ ᠤᠨ ᠬᠠᠮᠲᠤ ᠢᠢᠨ ᠠᠵᠢᠯᠯᠠᠭ᠎ᠠ᠂ ᠴᠢᠨᠠᠭᠰᠢᠳᠠ ᠢᠢᠨ ᠵᠣᠷᠢᠯᠲᠠ ᠢᠢ ᠬᠡᠯᠡᠯᠴᠡᠬᠦ ᠶᠤᠮ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠴᠢᠭᠤᠯᠭᠠᠨ ᠢ ᠨᠡᠭᠡᠭᠡᠵᠦ ᠦᠭᠡ ᠬᠡᠯᠡᠯ᠎ᠡ᠃
ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠨᠥᠯᠦᠭᠡᠯᠡᠯ ᠢᠶᠡᠷ ᠭᠠᠩ ᠭᠠᠴᠢᠭ᠂ ᠤᠰᠤᠨ ᠤ ᠦᠶᠡᠷ᠂ ᠮᠥᠰᠦᠲᠦᠯ ᠦᠨ ᠬᠠᠢᠢᠯᠠᠯᠲᠠ ᠡᠷᠴᠢᠮᠵᠢᠨ᠂ ᠤᠰᠤᠨ ᠤ ᠨᠥᠭᠡᠴᠡ ᠳᠥ ᠰᠥᠷᠭᠦ ᠨᠥᠯᠦᠭᠡ ᠦᠵᠡᠭᠦᠯᠵᠦ᠂ ᠬᠢᠵᠠᠭᠠᠷᠯᠠᠭᠳᠠᠮᠠᠯ ᠤᠰᠤᠨ ᠤ ᠨᠥᠭᠡᠴᠡ᠂ ᠤᠰᠤ ᠠᠰᠢᠭᠯᠠᠯᠲᠠ᠂ ᠪᠣᠬᠢᠷᠳᠠᠯ ᠵᠡᠷᠭᠡ ᠨᠢ ᠲᠤᠯᠭᠠᠮᠳᠠᠭᠰᠠᠨ ᠠᠰᠠᠭᠤᠳᠠᠯ ᠪᠣᠯᠤᠭᠠᠳ ᠪᠠᠢᠢᠨ᠎ᠠ᠃
ᠲᠤᠬᠠᠢᠢᠯᠠᠪᠠᠯ ᠠᠯᠲᠠᠶ ᠢᠢᠨ ᠠᠭᠤᠯᠠᠰ ᠤᠨ ᠮᠥᠩᠬᠡ ᠴᠠᠰᠤ᠂ ᠮᠥᠰᠦᠨ ᠭᠣᠣᠯ ᠤᠨ ᠲᠠᠯᠠᠪᠠᠢ 1940 ᠣᠨ ᠠᠴᠠ ᠬᠣᠢᠢᠰᠢ 40 ᠣᠷᠴᠢᠮ ᠬᠤᠪᠢ ᠪᠠᠷ ᠪᠠᠭᠠᠰᠴᠡᠢ᠃
ᠲᠡᠢᠢᠮᠦ ᠡᠴᠡ ᠶᠡᠷᠦᠩᠬᠡᠢᠢᠯᠡᠭᠴᠢ᠂ ᠮᠥᠩᠬᠡ ᠴᠠᠰᠤ᠂ ᠮᠥᠰᠦᠨ ᠭᠣᠣᠯ ᠢ ᠬᠠᠮᠠᠭᠠᠯᠠᠵᠤ᠂ ᠮᠥᠰᠦᠲᠦᠯ ᠦᠨ ᠬᠠᠢᠢᠯᠠᠯᠲᠠ ᠢᠢᠨ ᠤᠰᠤ ᠢᠢ ᠬᠤᠷᠠᠮᠲᠤᠯᠠᠭᠤᠯᠬᠤ᠂ ᠴᠢᠨᠠᠭᠰᠢᠳᠠ ᠡᠭᠦᠰᠬᠦ ᠪᠣᠯᠤᠮᠵᠢᠲᠤ ᠨᠠᠭᠤᠷ ᠤᠳ ᠢ ᠲᠣᠭᠠᠴᠠᠭᠠᠯᠠᠬᠤ᠂ ᠮᠥᠰᠦᠲᠦᠯ ᠢ ᠬᠠᠢᠢᠯᠠᠭᠤᠯᠬᠤ ᠦᠭᠡᠢ ᠬᠠᠳᠠᠭᠠᠯᠠᠬᠤ ᠲ᠋ᠧᠭᠨᠣᠯᠤᠭᠢ ᠨᠤᠲᠤᠭᠰᠢᠭᠤᠯᠬᠤ᠂ ᠤᠰᠤᠨ ᠤ ᠪᠣᠬᠢᠷᠳᠠᠯ ᠢ ᠪᠠᠭᠤᠷᠠᠭᠤᠯᠬᠤ᠂ ᠪᠣᠬᠢᠷ ᠤᠰᠤ ᠢᠢ ᠴᠡᠪᠡᠷᠰᠢᠭᠦᠯᠬᠦ᠂ ᠳᠠᠬᠢᠨ ᠠᠰᠢᠭᠯᠠᠬᠤ ᠲᠣᠭᠲᠠᠯᠴᠠᠭ᠎ᠠ ᠨᠡᠪᠲᠡᠷᠡᠭᠦᠯᠬᠦ ᠶᠣᠰᠤ ᠲᠠᠢ ᠭᠡᠵᠦ ᠦᠵᠡᠳᠡᠭ ᠢᠢᠡᠨ ᠬᠡᠯᠡᠯ᠎ᠡ᠃
ᠮᠥᠨ ᠤᠰᠤᠨ ᠤ ᠰᠠᠯᠪᠤᠷᠢ ᠢᠢᠨ ᠵᠣᠷᠢᠯᠲᠠ᠂ ᠲᠥᠰᠦᠯ᠂ ᠬᠥᠲᠦᠯᠪᠦᠷᠢ ᠢᠢ ᠠᠮᠵᠢᠯᠲᠠᠲᠠᠢ ᠬᠡᠷᠡᠭᠵᠢᠭᠦᠯᠬᠦ ᠳᠥ ᠰᠠᠯᠪᠤᠷᠢ ᠢᠢᠨ ᠬᠢᠨ ᠤ ᠰᠠᠨᠠᠯ᠂ ᠰᠠᠨᠠᠭᠠᠴᠢᠯᠠᠭ᠎ᠠ᠂ ᠮᠠᠩᠯᠠᠢᠢᠯᠠᠯ᠂ ᠲᠥᠷᠦ᠂ ᠵᠠᠰᠠᠭ᠂ ᠬᠤᠪᠢ ᠢᠢᠨ ᠬᠡᠪᠰᠢᠯ᠂ ᠣᠯᠠᠨ ᠤᠯᠤᠰ ᠤᠨ ᠪᠠᠢᠢᠭᠤᠯᠤᠯᠭ᠎ᠠ ᠢᠢᠨ ᠬᠠᠮᠲᠤ ᠢᠢᠨ ᠠᠵᠢᠯᠯᠠᠭ᠎ᠠ᠂ ᠬᠠᠷᠢᠯᠴᠠᠨ ᠣᠢᠢᠯᠠᠭᠠᠯᠴᠠᠯ ᠴᠢᠬᠤᠯᠠ ᠪᠠᠢᠢᠭ᠎ᠠ ᠢᠢ ᠲᠡᠮᠳᠡᠭᠯᠡᠯ᠎ᠡ᠃
ᠢᠷᠭᠡᠳ ᠦᠨ ᠡᠷᠡᠭᠦᠯ᠂ ᠠᠶᠤᠯ ᠦᠭᠡᠢ ᠣᠷᠴᠢᠨ ᠳᠤ ᠠᠮᠢᠳᠤᠷᠠᠬᠤ ᠨᠥᠬᠦᠴᠡᠯ ᠢ ᠪᠦᠷᠢᠳᠦᠭᠦᠯᠬᠦ ᠵᠣᠷᠢᠯᠭ᠎ᠠ ᠲᠠᠢ «ᠲᠡᠷᠪᠤᠮ ᠮᠣᠳᠤ»᠂ «ᠬᠦᠨᠡᠰᠦᠨ ᠦ ᠬᠤᠪᠢᠰᠬᠠᠯ»᠂ «ᠡᠷᠡᠭᠦᠯ ᠮᠣᠩ᠋ᠭᠤᠯ ᠬᠦᠮᠦᠨ»᠂ «ᠴᠠᠭᠠᠨ ᠠᠯᠲᠠ» ᠬᠥᠳᠡᠯᠭᠡᠭᠡᠨ ᠬᠡᠷᠡᠭᠵᠢᠵᠦ ᠪᠠᠢᠢᠭ᠎ᠠ᠃
ᠣᠳᠤ ᠤᠰᠤᠨ ᠤ ᠰᠠᠯᠪᠤᠷᠢ ᠳᠤ «ᠴᠡᠩᠬᠡᠷ ᠠᠯᠲᠠ» ᠬᠥᠲᠦᠯᠪᠦᠷᠢ ᠬᠡᠷᠡᠭᠵᠢᠭᠦᠯᠬᠦ ᠶᠣᠰᠤ ᠲᠠᠢ ᠭᠡᠵᠦ ᠦᠵᠡᠳᠡᠭ ᠢᠢᠡᠨ ᠢᠯᠡᠷᠬᠡᠢᠢᠯᠡᠯ᠎ᠡ᠃
ᠮᠥᠨ ᠠᠭᠤᠯᠠ ᠠᠭᠤᠷᠬᠠᠶ ᠢᠢᠨ ᠲᠣᠮᠣᠬᠠᠨ ᠠᠵᠤ ᠠᠬᠤᠶ ᠢᠢᠨ ᠨᠢᠭᠡᠴᠡ ᠨᠦᠭᠦᠳ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠠᠮᠠᠯᠠᠭᠰᠠᠨ ᠮᠣᠳᠤ ᠪᠠᠨ ᠡᠷᠴᠢᠮ ᠲᠡᠢ ᠲᠠᠷᠢᠵᠤ᠂ ᠤᠷᠭᠤᠭᠤᠯᠬᠤ ᠨᠢ ᠴᠢᠬᠤᠯᠠ ᠪᠠᠢᠢᠭ᠎ᠠ ᠢᠢ ᠰᠠᠨᠠᠭᠤᠯᠤᠯ᠎ᠠ᠃
«ᠴᠡᠩᠬᠡᠷ ᠠᠯᠲᠠ» ᠦᠨᠳᠦᠰᠦᠨ ᠦ ᠬᠣᠶᠠᠷᠳ᠋ᠤᠭᠠᠷ ᠴᠢᠭᠤᠯᠭᠠᠨ ᠢᠶᠠᠷ ᠬᠡᠯᠡᠯᠴᠡᠭᠰᠡᠨ ᠠᠰᠠᠭᠤᠳᠠᠯ ᠪᠣᠯᠤᠨ «ᠨᠢᠭᠡ ᠨᠠᠭᠤᠷ᠂ ᠨᠢᠭᠡ ᠰᠤᠮᠤ-333 ᠨᠠᠭᠤᠷ»᠂ «ᠳᠤᠰᠤᠯ ᠪᠦᠷᠢ» ᠤᠷᠢᠶᠠᠯᠭ᠎ᠠ ᠢᠢ ᠤᠯᠤᠰ ᠤᠨ ᠬᠡᠮᠵᠢᠶᠡᠨ ᠳᠥ ᠬᠡᠷᠡᠭᠵᠢᠭᠦᠯᠬᠦ ᠵᠡᠷᠭᠡ ᠢᠢ ᠬᠡᠯᠡᠯᠴᠡᠨ ᠵᠥᠪᠯᠡᠮᠵᠢ ᠭᠠᠷᠭᠠᠨ᠎ᠠ᠃
ᠴᠢᠭᠤᠯᠭᠠᠨ ᠳᠤ ᠤᠰᠤᠨ ᠤ ᠰᠠᠯᠪᠤᠷᠢ ᠢᠢᠨ ᠲᠥᠷᠦ᠂ ᠬᠤᠪᠢ ᠢᠢᠨ ᠬᠡᠪᠰᠢᠯ᠂ ᠣᠯᠠᠨ ᠤᠯᠤᠰ ᠤᠨ ᠪᠠᠢᠢᠭᠤᠯᠤᠯᠭ᠎ᠠ᠂ ᠢᠷᠭᠡᠨ ᠦ ᠨᠡᠢᠢᠭᠡᠮ ᠦᠨ ᠪᠠᠢᠢᠭᠤᠯᠤᠯᠭ᠎ᠠ ᠢᠢᠨ 1.200 ᠭᠠᠷᠤᠶ ᠬᠦᠮᠦᠨ ᠣᠷᠤᠯᠴᠠᠵᠤ ᠪᠠᠢᠢᠨ᠎ᠠ᠃

