Та "Internet explorer"-ийн сүүлийн хувилбар болох "Microsoft edge"-г ашиглана уу

Хэрэв "Microsoft edge"-г татах бол энд дарж татаж авна уу

ᠶᠠᠫᠣᠨ ᠤᠯᠤᠰ ᠤᠨ ᠢᠷᠭᠡᠨ ᠠᠰᠠᠾᠢᠹᠦ᠋ᠵᠢ ᠰᠦᠭᠢᠨᠣᠮᠣᠷᠢ ᠰᠧᠢᠢᠶ᠎ᠠ ᠢᠢ ᠠᠯᠲᠠᠨ ᠭᠠᠳᠠᠰᠤ ᠣᠳᠣᠨ ᠢᠢᠠᠷ ᠱᠠᠩᠨᠠᠯ᠎ᠠ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠵᠤ᠂ ᠮᠣᠩ᠋ᠭᠤᠯ ᠤᠯᠤᠰ᠂ ᠶᠠᠫᠣᠨ ᠤᠯᠤᠰ ᠬᠣᠭᠤᠷᠤᠨᠳᠤ ᠢᠢᠨ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠬᠦᠷᠢᠶᠡᠨ ᠳᠥ ᠬᠡᠦᠬᠡᠳ᠂ ᠵᠠᠯᠠᠭᠤᠴᠤᠳ ᠲᠤ ᠰᠦᠮᠣ᠋ ᠪᠥᠬᠡ ᠢᠢᠨ ᠳᠢᠭ ᠵᠠᠶ‍ᠢᠭ᠂ ᠪᠠᠷᠢᠯᠳᠤᠭᠠᠨ ᠢ ᠰᠤᠷᠭᠠᠨ ᠳᠠᠳᠤᠯᠭᠠᠵᠢᠭᠤᠯᠵᠤ᠂ ᠣᠯᠠᠨ ᠠᠪᠤᠷᠭᠤ ᠲᠠᠮᠢᠷᠴᠢᠳ ᠢ ᠲᠥᠷᠦᠭᠦᠯᠵᠦ᠂ ᠰᠣᠶᠤᠯ᠂ ᠰᠫᠣᠷᠲ ᠤᠨ ᠰᠠᠯᠪᠤᠷᠢ ᠳᠤ ᠣᠷᠤᠭᠤᠯᠵᠤ ᠪᠤᠢ ᠬᠤᠪᠢ ᠨᠡᠮᠡᠷᠢ᠂ ᠬᠢᠴᠢᠶᠡᠯ ᠵᠢᠳᠬᠦᠯ ᠢ ᠨᠢ ᠦᠨᠡᠯᠡᠨ ᠶᠠᠫᠣᠨ ᠤᠯᠤᠰ ᠤᠨ ᠢᠷᠭᠡᠨ᠂ ᠮᠡᠷᠭᠡᠵᠢᠯ ᠦᠨ ᠰᠦᠮᠣ᠋ ᠪᠥᠬᠡ ᠢᠢᠨ «ᠢᠰᠧᠭᠠᠾᠠᠮᠠ» ᠳᠡᠪᠵᠢᠶᠡᠨ ᠦ ᠪᠠᠭᠰᠢ ᠠᠰᠠᠾᠢᠹᠦ᠋ᠵᠢ ᠰᠦᠭᠢᠨᠣᠮᠣᠷᠢ ᠰᠧᠢᠢᠶ ᠠ ᠢᠢ ᠠᠯᠲᠠᠨ ᠭᠠᠳᠠᠰᠤ ᠣᠳᠣᠨ ᠢᠢᠠᠷ ᠱᠠᠩᠨᠠᠯ᠎ᠠ᠃

ᠱᠠᠩᠨᠠᠯ ᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠭᠣ᠊·ᠽᠠᠨᠳᠠᠨᠰᠢᠲᠠᠷ ᠠ ᠥᠨᠦᠳᠦᠷ ᠭᠠᠷᠳᠠᠭᠤᠯᠵᠤ ᠪᠠᠶᠠᠷ ᠬᠦᠷᠭᠡᠪᠡ᠃

«ᠢᠰᠧᠭᠠᠾᠠᠮᠠ» ᠳᠡᠪᠵᠢᠶᠡᠨ ᠦ ᠪᠠᠭᠰᠢ ᠠᠰᠠᠾᠢᠹᠦ᠋ᠵᠢ ᠰᠦᠭᠢᠨᠣᠮᠣᠷᠢ ᠰᠧᠢᠢᠶ ᠠ ᠨᠢ ᠶᠠᠫᠣᠨ ᠤᠯᠤᠰ ᠤᠨ ᠮᠡᠷᠭᠡᠵᠢᠯ ᠦᠨ ᠰᠦᠮᠣ᠋ ᠪᠥᠬᠡ ᠢᠢᠨ 69 ᠳ᠋ᠡᠬᠢ ᠶᠡᠬᠡ ᠠᠪᠤᠷᠭᠤ ᠾᠠᠻᠦ᠋ᠾᠣ᠋ ᠮᠥ᠊·ᠳᠠᠸᠠᠵᠢᠷᠭᠠᠯ᠂ 70 ᠳ᠋ᠠᠬᠢ ᠶᠡᠬᠡ ᠠᠪᠤᠷᠭᠤ ᠾᠠᠷᠦ᠋ᠮᠠᠹᠦ᠋ᠵᠢ ᠳᠠ᠊·ᠪᠢᠮᠪᠠᠳᠣᠷᠵᠢ᠂ 73 ᠳ᠋ᠠᠬᠢ ᠶᠡᠬᠡ ᠠᠪᠤᠷᠭᠤ ᠲᠧᠷᠦ᠋ᠨᠣᠹᠦ᠋ᠵᠢ ᠭᠠ᠊·ᠭᠠᠩ-ᠡᠷᠳᠡᠨᠢ ᠲᠡᠷᠢᠭᠦᠲᠡᠢ ᠪᠥᠬᠡᠴᠦᠳ ᠦᠨ ᠠᠮᠵᠢᠯᠲᠠ ᠳᠤ ᠲᠤᠭᠤᠰᠢ ᠲᠠᠢ ᠳᠡᠮᠵᠢᠯᠭᠡ ᠦᠵᠡᠭᠦᠯᠵᠦ ᠢᠷᠡᠭᠰᠡᠨ ᠪᠠᠢᠢᠨ᠎ᠠ᠃

ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠭᠣ᠊·ᠽᠠᠨᠳᠠᠨᠰᠢᠲᠠᠷ ᠠ ᠱᠠᠩᠨᠠᠯ ᠭᠠᠷᠳᠠᠭᠤᠯᠤᠭᠰᠠᠨ ᠤ ᠪᠠᠨ ᠳᠠᠷᠠᠭ᠎ᠠ «ᠢᠰᠧᠭᠠᠾᠠᠮᠠ» ᠳᠡᠪᠵᠢᠶᠡᠨ ᠦ ᠪᠠᠭᠰᠢ ᠠᠰᠠᠾᠢᠹᠦ᠋ᠵᠢ ᠰᠦᠭᠢᠨᠣᠮᠣᠷᠢ ᠰᠧᠢᠢᠶ ᠠ᠂ ᠶᠠᠫᠣᠨ ᠤᠯᠤᠰ ᠤᠨ ᠮᠡᠷᠭᠡᠵᠢᠯ ᠦᠨ ᠰᠦᠮᠣ᠋ ᠪᠥᠬᠡ ᠢᠢᠨ 69 ᠳ᠋ᠡᠬᠢ ᠶᠡᠬᠡ ᠠᠪᠤᠷᠭᠤ ᠾᠠᠻᠦ᠋ᠾᠣ᠋ ᠮᠥ᠊·ᠳᠠᠸᠠᠵᠢᠷᠭᠠᠯ᠂ 73 ᠳ᠋ᠠᠬᠢ ᠶᠡᠬᠡ ᠠᠪᠤᠷᠭᠤ ᠲᠧᠷᠦ᠋ᠨᠣᠹᠦ᠋ᠵᠢ ᠭᠠ᠊·ᠭᠠᠩ-ᠡᠷᠳᠡᠨᠢ ᠨᠠᠷ ᠢ ᠬᠦᠯᠢᠶᠡᠨ ᠠᠪᠴᠤ ᠠᠭᠤᠯᠵᠠᠯ᠎ᠠ᠃

ᠮᠣᠩ᠋ᠭᠤᠯ᠂ ᠶᠠᠫᠣᠨ ᠤ ᠠᠷᠠᠳ ᠢᠷᠭᠡᠳ ᠬᠣᠭᠤᠷᠤᠨᠳᠤ ᠢᠢᠨ ᠭᠠᠩ ᠪᠠᠲᠤ ᠨᠠᠢᠢᠷᠠᠮᠳᠠᠯ ᠨᠥᠬᠦᠷᠯᠡᠯ ᠢ ᠪᠡᠬᠢᠵᠢᠭᠦᠯᠬᠦ᠂ ᠬᠠᠷᠢᠯᠴᠠᠨ ᠣᠢᠢᠯᠠᠭᠠᠯᠴᠠᠯ ᠢ ᠭᠦᠨᠵᠡᠭᠡᠢᠢᠷᠡᠭᠦᠯᠬᠦ᠂ ᠨᠠᠢᠢᠷᠰᠠᠭ ᠬᠠᠷᠢᠯᠴᠠᠭ᠎ᠠ ᠢᠢ ᠤᠯᠠᠮ ᠪᠦᠷᠢ ᠪᠠᠲᠤᠵᠢᠭᠤᠯᠬᠤ ᠳᠤ ᠮᠡᠷᠭᠡᠵᠢᠯ ᠦᠨ ᠰᠦᠮ᠋ᠣ᠋ ᠪᠥᠬᠡ ᠢᠢᠨ ᠰᠫᠣᠷᠲ ᠦᠨ᠎ᠡ ᠲᠡᠢ ᠬᠤᠪᠢ ᠨᠡᠮᠡᠷᠢ ᠣᠷᠤᠭᠤᠯᠵᠤ ᠪᠤᠢ ᠢᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠲᠡᠮᠳᠡᠭᠯᠡᠪᠡ᠃

ᠮᠥᠨ ᠰᠦᠮᠣ᠋ ᠪᠥᠬᠡ ᠪᠡᠷ ᠬᠢᠴᠢᠶᠡᠯᠯᠡᠵᠦ᠂ ᠪᠠᠷᠢᠯᠳᠤᠵᠤ ᠢᠷᠡᠭᠰᠡᠨ ᠮᠣᠩ᠋ᠭᠤᠯ ᠤᠨ ᠦᠶ᠎ᠡ ᠦᠶ᠎ᠡ ᠢᠢᠨ ᠪᠥᠬᠡᠴᠦᠳ᠂ ᠶᠡᠬᠡ ᠠᠪᠤᠷᠭᠤ ᠨᠤᠭᠤᠳ ᠢ ᠠᠮᠵᠢᠯᠲᠠ ᠳᠤ ᠬᠦᠷᠭᠡᠬᠦ ᠳ᠋ᠥ ᠴᠢᠩ ᠰᠡᠳᠬᠢᠯ᠂ ᠤᠢᠢᠭ᠎ᠠ ᠦᠭᠡᠢ ᠵᠢᠳᠬᠦᠯ ᠢᠢᠡᠨ ᠵᠣᠷᠢᠭᠤᠯᠵᠤ᠂ ᠬᠡᠦᠬᠡᠳ ᠵᠠᠯᠠᠭᠤᠴᠤᠳ ᠲᠤ ᠶᠠᠫᠣᠨ ᠤ ᠰᠣᠶᠤᠯ᠂ ᠵᠠᠩ ᠵᠠᠩᠰᠢᠯ᠂ ᠰᠦᠮᠣ᠋ ᠪᠥᠬᠡ ᠢᠢᠨ ᠶᠣᠰᠤ ᠵᠠᠶ‍ᠢᠭ ᠢ ᠲᠠᠨᠢᠭᠤᠯᠤᠨ ᠰᠤᠷᠲᠠᠯᠴᠢᠯᠠᠵᠤ ᠢᠷᠡᠭᠰᠡᠨ ᠠᠰᠠᠾᠢᠹᠦ᠋ᠵᠢ ᠰᠦᠭᠢᠨᠣᠮᠣᠷᠢ ᠰᠧᠢᠢᠶ ᠠ ᠪᠠᠭᠰᠢ ᠢᠢᠨ ᠭᠠᠪᠢᠶ᠎ᠠ ᠵᠢᠳᠬᠦᠯ ᠢ ᠣᠨᠴᠠᠯᠠᠯ᠎ᠠ᠃

ᠲᠡᠭᠦᠨᠴᠢᠯᠡᠨ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠤᠷᠢᠯᠭ᠎ᠠ ᠪᠠᠷ ᠡᠨᠡ ᠣᠨ ᠤ 07 ᠳ᠋ᠤᠭᠠᠷ ᠰᠠᠷ᠎ᠠ ᠳᠤ ᠶᠠᠫᠣᠨ ᠤᠯᠤᠰ ᠤᠨ ᠴᠣᠭ ᠵᠢᠪᠬᠤᠯᠠᠩᠳᠤ ᠡᠵᠡᠨ ᠬᠠᠭᠠᠨ ᠨᠠᠷᠦ᠋ᠾᠢᠲ᠋ᠣ᠋᠂ ᠡᠷᠬᠢᠮ ᠳᠡᠭᠡᠳᠦ ᠬᠠᠲᠠᠨ ᠮᠠᠰᠠᠻᠣ ᠨᠠᠷ ᠮᠣᠩ᠋ᠭᠤᠯ ᠤᠯᠤᠰ ᠲᠤ ᠲᠥᠷᠦ ᠢᠢᠨ ᠠᠢᠢᠯᠴᠢᠯᠠᠯ ᠬᠢᠬᠦ ᠪᠡᠷ ᠪᠣᠯᠤᠭᠰᠠᠨ ᠨᠢ ᠬᠣᠶᠠᠷ ᠤᠯᠤᠰ ᠤᠨ ᠬᠠᠷᠢᠯᠴᠠᠭᠠᠨ ᠳᠤ ᠲᠡᠦᠬᠡᠨ ᠦᠢᠯᠡ ᠶᠠᠪᠤᠳᠠᠯ ᠪᠣᠯᠤᠨ᠎ᠠ ᠭᠡᠳᠡᠭ ᠢ ᠲᠡᠮᠳᠡᠭᠯᠡᠪᠡ᠃

ᠠᠰᠠᠾᠢᠹᠦ᠋ᠵᠢ ᠰᠦᠭᠢᠨᠣᠮᠣᠷᠢ ᠰᠧᠢᠢᠶ ᠠ ᠨᠢ 1981 ᠣᠨ ᠠᠴᠠ ᠰᠦᠮᠣ᠋ ᠢᠢᠨ ᠳᠡᠪᠵᠢᠶᠡᠨ ᠳᠥ ᠪᠠᠷᠢᠯᠳᠤᠵᠤ᠂ 1990 ᠣᠨ ᠳᠤ ᠶᠣᠻᠣᠽᠦ᠋ᠨᠠ ᠴᠣᠯᠠ ᠬᠦᠷᠲᠡᠭᠰᠡᠨ ᠪᠥᠭᠡᠳ 1992 ᠣᠨ ᠳᠤ ᠵᠣᠳᠤᠭ ᠲᠠᠢᠢᠯᠤᠭᠰᠠᠨ ᠤ ᠪᠠᠨ ᠳᠠᠷᠠᠭ᠎ᠠ «ᠢᠰᠧᠭᠠᠾᠠᠮᠠ» ᠳᠡᠪᠵᠢᠶᠡᠨ ᠦ ᠪᠠᠭᠰᠢ (ᠣᠶᠠᠻᠠᠲ᠋ᠠ) ᠪᠠᠷ ᠲᠠᠰᠤᠷᠠᠯᠲᠠ ᠦᠭᠡᠢ ᠠᠵᠢᠯᠯᠠᠵᠤ ᠪᠠᠢᠢᠭ᠎ᠠ ᠶᠤᠮ᠃ ᠮᠥᠨ ᠲᠡᠷᠡ ᠪᠡᠷ ᠮᠣᠩ᠋ᠭᠤᠯ ᠤᠯᠤᠰ ᠲᠤ ᠬᠡᠳᠦ ᠬᠡᠳᠦᠨ ᠤᠳᠠᠭ᠎ᠠ ᠢᠷᠡᠵᠦ᠂ ᠰᠦᠮᠣ᠋ ᠳᠤ ᠰᠣᠨᠢᠷᠬᠠᠯ ᠲᠠᠢ ᠬᠡᠦᠬᠡᠳ ᠪᠠᠭᠠᠴᠤᠳ ᠲᠤ ᠮᠡᠳᠡᠭᠡᠯᠡᠯ ᠲᠦᠭᠡᠭᠡᠵᠦ᠂ ᠰᠦᠮᠣ᠋ ᠢᠢᠨ ᠰᠫᠣᠷᠲ ᠲᠤ ᠬᠥᠯ ᠲᠠᠯᠪᠢᠬᠤ ᠳᠤ ᠨᠢ ᠲᠤᠰᠡᠯᠠᠵᠠᠶ᠃