ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ «ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠬᠦᠷᠢᠶᠡᠨ ᠳᠥ ᠭᠤᠲᠤᠯ ᠦᠢᠯᠡᠳᠪᠦᠷᠢᠯᠡᠭᠴᠢ ᠠᠵᠤ ᠠᠬᠤᠢ ᠢᠢᠨ ᠨᠢᠭᠡᠴᠡ ᠨᠦᠭᠦᠳ ᠲᠥ ᠠᠵᠢᠯᠯᠠᠯ᠎ᠠ᠃
ᠶᠡᠷᠦᠩᠬᠡᠢᠢᠯᠡᠭᠴᠢ ᠡᠬᠢᠯᠡᠭᠡᠳ ᠪᠠᠶᠠᠨᠵᠢᠷᠦᠬᠡ ᠳᠡᠭᠦᠷᠭᠡ ᠢᠢᠨ 31 ᠊ᠳ᠋ᠦᠭᠡᠷ ᠬᠣᠷᠢᠶᠠᠨ ᠤ ᠨᠤᠲᠤᠭ ᠲᠤ ᠪᠠᠢᠢᠷᠢᠯᠠᠬᠤ «ᠮᠢᠨᠦ ᠭᠤᠲᠤᠯ» ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠳ᠋ᠤ ᠣᠴᠢᠯ᠎ᠠ᠃
ᠲᠤᠰ ᠻᠣᠮᠫᠠᠨᠢ 2011 ᠣᠨ ᠳᠤ ᠭᠤᠲᠤᠯ ᠵᠠᠰᠠᠪᠤᠷᠢ ᠠᠵᠢᠯᠯᠠᠭᠤᠯᠵᠤ ᠪᠠᠢᠢᠭᠰᠠᠨ ᠪᠣᠯ ᠡᠳᠦᠭᠡ ᠡᠳᠦᠷ ᠲᠥ Yurdi ᠪᠷᠧᠨ᠋ᠳ᠋ ᠦᠨ 200 ᠬᠣᠣᠰ ᠭᠤᠲᠤᠯ ᠦᠢᠯᠡᠳᠪᠦᠷᠢᠯᠡᠬᠦ ᠬᠦᠴᠦᠨ ᠴᠢᠳᠠᠯ ᠲᠠᠢ ᠦᠢᠯᠡᠳᠪᠦᠷᠢ ᠲᠡᠢ ᠪᠣᠯᠵᠠᠶ᠃

ᠣᠳᠤ 32 ᠠᠵᠢᠯᠲᠠᠨ ᠲᠠᠢ᠂ 21 ᠠᠢᠢᠮᠠᠭ ᠲᠤ ᠭᠡᠷᠡᠳᠦ ᠪᠣᠷᠤᠯᠠᠭᠤᠯᠤᠭᠴᠢ ᠲᠠᠢ ᠪᠥᠭᠡᠳ ᠥᠩ᠋ᠭᠡᠷᠡᠭᠰᠡᠨ ᠵᠢᠯ 42 ᠮᠢᠩ᠋ᠭᠠᠨ ᠬᠣᠣᠰ ᠭᠤᠲᠤᠯ ᠦᠢᠯᠡᠳᠪᠦᠷᠢᠯᠡᠭᠰᠡᠨ ᠪᠠᠢᠢᠨ᠎ᠠ᠃
«ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠬᠦᠷᠢᠶᠡᠨ ᠳᠥ 600 ᠰᠠᠶ᠎ᠠ ᠲᠥᠭᠦᠷᠢᠭ᠌ ᠦᠨ ᠡᠷᠭᠢᠯᠲᠡ ᠢᠢᠨ ᠬᠥᠷᠦᠩ᠋ᠭᠡ ᠢᠢᠨ ᠵᠢᠭᠡᠯᠡ ᠠᠪᠤᠭᠰᠠᠨ ᠢᠶᠠᠷ ᠦᠢᠯᠡᠳᠪᠦᠷᠢ ᠪᠡᠨ ᠦᠷᠭᠡᠳᠭᠡᠬᠦ᠂ ᠲᠣᠭᠲᠠᠪᠤᠷᠢ ᠲᠠᠢ ᠦᠢᠯᠡ ᠠᠵᠢᠯᠯᠠᠭ᠎ᠠ ᠶᠠᠪᠤᠭᠤᠯᠬᠤ ᠪᠣᠯᠤᠮᠵᠢ ᠪᠦᠷᠢᠳᠦᠭᠰᠡᠨ ᠲᠤᠬᠠᠶ ᠵᠠᠬᠢᠷᠤᠯ ᠡ᠊·ᠲᠦᠪᠰᠢᠨᠲᠤᠯᠭ᠎ᠠ ᠲᠠᠨᠢᠯᠴᠠᠭᠤᠯᠤᠯ᠎ᠠ᠃
ᠴᠢᠨᠠᠭᠰᠢᠳᠠ ᠲᠣᠨᠤᠭ ᠲᠥᠬᠦᠭᠡᠷᠦᠮᠵᠢ ᠢᠢᠨ ᠵᠢᠭᠡᠯᠡ ᠠᠪᠴᠤ 2027 ᠣᠨ ᠠᠴᠠ ᠡᠳᠦᠷ ᠲᠥ 400 ᠬᠣᠣᠰ ᠭᠤᠲᠤᠯ ᠦᠢᠯᠡᠳᠪᠦᠷᠢᠯᠡᠨ᠂ 30 ᠭᠠᠷᠤᠶ ᠠᠵᠢᠯ ᠤᠨ ᠪᠠᠢᠢᠷᠢ ᠰᠢᠨ᠎ᠡ ᠪᠡᠷ ᠪᠤᠢ ᠪᠣᠯᠭᠠᠬᠤ ᠪᠠᠷ ᠲᠥᠯᠦᠪᠯᠡᠵᠡᠶ᠃



ᠶᠡᠷᠦᠩᠬᠡᠢᠢᠯᠡᠭᠴᠢ ᠤ·ᠬᠦᠷᠡᠯᠰᠦ᠋ᠬᠡ ᠮᠥᠨ ᠪᠠᠶᠠᠨᠵᠢᠷᠦᠬᠡ ᠳᠡᠭᠦᠷᠭᠡ ᠢᠢᠨ 13 ᠳ᠋ᠤᠭᠠᠷ ᠬᠣᠷᠢᠶᠠᠨ ᠤ ᠨᠤᠲᠤᠭ ᠲᠤ ᠪᠠᠢᠢᠷᠢᠯᠠᠬᠤ «ᠥᠨᠳᠦᠷ ᠤᠷᠲᠤ ᠢᠢᠨ ᠪᠤᠶᠠᠨ» ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠳ᠋ᠤ ᠠᠵᠢᠯᠯᠠᠯ᠎ᠠ᠃
ᠲᠤᠰ ᠻᠣᠮᠫᠠᠨᠢ 45 ᠠᠵᠢᠯᠲᠠᠨ ᠲᠠᠢ᠃ ᠥᠩ᠋ᠭᠡᠷᠡᠭᠰᠡᠨ ᠵᠢᠯ ᠬᠥᠷᠦᠩ᠋ᠭᠡ ᠣᠷᠤᠭᠤᠯᠤᠯᠲᠠ ᠢᠢᠨ ᠵᠢᠭᠡᠯᠡ ᠠᠪᠴᠤ᠂ ᠤᠯᠤᠰ ᠲᠤ ᠪᠠᠨ ᠠᠩᠬᠠᠨ ᠤ ᠰᠢᠭᠤᠳ ᠤᠯᠠᠯᠠᠭᠠᠨ ᠤ ᠦᠢᠯᠡᠳᠪᠦᠷᠢ ᠲᠡᠢ ᠪᠣᠯᠤᠭᠰᠠᠨ᠃ ᠣᠳᠤ ᠪᠠᠷ ᠡᠳᠦᠷ ᠲᠥ «ᠪᠠᠲ᠋ᠦ᠋ᠷ» ᠪᠷᠧᠨ᠋ᠳ᠋ ᠦᠨ᠂ ᠶᠡᠬᠡᠪᠴᠢᠯᠡᠨ ᠠᠵᠢᠯ ᠤᠨ 800 ᠬᠣᠣᠰ ᠭᠤᠲᠤᠯ ᠦᠢᠯᠡᠳᠪᠦᠷᠢᠯᠡᠵᠦ ᠪᠠᠢᠢᠨ᠎ᠠ᠃
ᠴᠢᠨᠠᠭᠰᠢᠳᠠ «ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠬᠦᠷᠢᠶᠡᠨ ᠳᠥ ᠡᠷᠭᠢᠯᠲᠡ ᠢᠢᠨ ᠬᠥᠷᠦᠩ᠋ᠭᠡ ᠢᠢᠨ ᠵᠢᠭᠡᠯᠡ ᠠᠪᠴᠤ᠂ 2028 ᠣᠨ ᠭᠡᠬᠦ ᠳᠥ ᠡᠳᠦᠷ ᠲᠥ 1.600 ᠬᠣᠣᠰ ᠭᠤᠲᠤᠯ ᠦᠢᠯᠡᠳᠪᠦᠷᠢᠯᠡᠬᠦ ᠵᠣᠷᠢᠯᠲᠠ ᠲᠠᠯᠪᠢᠵᠠᠶ᠃
«ᠮᠢᠨᠦ ᠭᠤᠲᠤᠯ»᠂ «ᠥᠨᠳᠦᠷ ᠤᠷᠲᠤ ᠢᠢᠨ ᠪᠤᠶᠠᠨ» ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠳᠣᠲᠤᠭᠠᠳᠤ ᠢᠢᠨ ᠦᠢᠯᠡᠳᠪᠦᠷᠢ ᠨᠦᠭᠦᠳ ᠲᠥ ᠪᠣᠯᠪᠠᠰᠤᠷᠠᠭᠤᠯᠤᠭᠰᠠᠨ ᠠᠷᠠᠰᠤ᠂ ᠰᠢᠷᠢ ᠪᠡᠷ ᠡᠴᠦᠰ ᠦᠨ ᠪᠦᠲᠦᠭᠡᠭ᠍ᠳᠡᠬᠦᠨ ᠦᠢᠯᠡᠳᠪᠦᠷᠢᠯᠡᠵᠦ᠂ ᠬᠠᠮᠲᠤᠷᠠᠨ ᠠᠵᠢᠯᠯᠠᠳᠠᠭ ᠶᠤᠮ ᠪᠠᠢᠢᠨ᠎ᠠ᠃
ᠦᠨᠳᠦᠰᠦᠨ ᠦ ᠦᠢᠯᠡᠳᠪᠦᠷᠢᠯᠡᠭᠴᠢᠳ ᠵᠠᠬ᠎ᠠ ᠵᠡᠭᠡᠯᠢ ᠢᠢᠨ ᠲᠣᠳᠤᠷᠬᠠᠶ ᠬᠤᠪᠢ ᠢᠢ ᠬᠠᠩ᠋ᠭᠠᠵᠤ᠂ ᠤᠯᠠᠮ ᠢᠶᠠᠷ ᠡᠻᠰᠫᠣᠷᠲ ᠲᠤ ᠭᠠᠷᠭᠠᠬᠤ ᠪᠣᠯᠤᠮᠵᠢ ᠲᠠᠢ᠃ ᠴᠢᠨᠠᠭᠰᠢᠳᠠ ᠵᠢᠭᠡᠯᠡ᠂ ᠲᠠᠲᠠᠪᠤᠷᠢ ᠢᠢᠨ ᠪᠣᠳᠤᠯᠭ᠎ᠠ ᠪᠠᠷ ᠤᠯᠠᠮ ᠢᠯᠡᠭᠦᠦ ᠳᠡᠮᠵᠢᠬᠦ᠂ ᠵᠡᠭᠡᠯᠡ ᠢᠢᠨ ᠡᠷᠭᠢᠨ ᠲᠥᠯᠦᠯᠲᠡ ᠢᠢᠨ ᠬᠤᠭᠤᠴᠠᠭ᠎ᠠ ᠢᠢ ᠰᠤᠩ᠋ᠭᠠᠬᠤ᠂ ᠠᠵᠢᠯᠯᠠᠬᠤ ᠬᠦᠴᠦᠨ ᠪᠡᠯᠡᠳᠬᠡᠬᠦ ᠳᠥ ᠠᠩᠬᠠᠷᠬᠤ ᠱᠠᠭᠠᠷᠳᠠᠯᠭ᠎ᠠ ᠲᠠᠢ ᠢᠢ ᠻᠣᠮᠫᠠᠨᠢ ᠢᠢᠨ ᠤᠳᠤᠷᠢᠳᠤᠯᠭ᠎ᠠ ᠨᠤᠭᠤᠳ ᠶᠠᠷᠢᠯ᠎ᠠ᠃
ᠮᠥᠨ «ᠴᠠᠭᠠᠨ ᠠᠯᠲᠠ» ᠦᠨᠳᠦᠰᠦᠨ ᠦ ᠬᠥᠲᠦᠯᠪᠦᠷᠢ 2028 ᠣᠨ ᠳᠤ ᠬᠡᠷᠡᠭᠵᠢᠵᠦ ᠳᠠᠭᠤᠰᠬᠤ ᠬᠡᠳᠦᠢ ᠴᠦ᠂ ᠴᠢᠨᠠᠭᠰᠢᠳᠠ ᠦᠷᠭᠦᠯᠵᠢᠯᠡᠭᠦᠯᠬᠦ ᠨᠢ ᠵᠦᠢ ᠲᠡᠢ ᠭᠡᠵᠦ ᠦᠵᠡᠳᠡᠭ ᠢᠢᠡᠨ ᠢᠯᠡᠷᠬᠡᠢᠢᠯᠡᠪᠡ᠃
ᠮᠡᠷᠭᠡᠵᠢᠯ ᠦᠨ ᠰᠤᠷᠭᠠᠯᠲᠠ᠂ ᠦᠢᠯᠡᠳᠪᠦᠷᠢᠯᠡᠯ ᠦᠨ 69 ᠲᠥᠪ ᠲᠥ 40 ᠭᠠᠷᠤᠶ ᠮᠢᠩ᠋ᠭᠠᠨ ᠵᠠᠯᠠᠭᠤ ᠰᠤᠷᠤᠯᠴᠠᠳᠠᠭ ᠤᠨ ᠶᠡᠷᠦ ᠳᠥ ᠪᠡᠨ 77 ᠨᠢ ᠭᠤᠲᠤᠯ ᠦᠢᠯᠡᠳᠪᠦᠷᠢᠯᠡᠯ ᠦᠨ ᠴᠢᠭᠯᠡᠯ ᠢᠶᠡᠷ ᠰᠤᠷᠤᠯᠴᠠᠳᠠᠭ᠃ ᠡᠢᠢᠮᠦ ᠡᠴᠡ ᠴᠢᠨᠠᠭᠰᠢᠳᠠ «ᠰᠤᠷᠤᠯᠴᠠᠩᠭ᠋ᠠ ᠠᠵᠢᠯᠯᠠᠬᠤ᠂ ᠠᠵᠢᠯᠯᠠᠨ ᠰᠤᠷᠤᠯᠴᠠᠬᠤ» ᠨᠥᠬᠦᠴᠡᠯ ᠪᠦᠷᠢᠳᠦᠭᠦᠯᠵᠦ᠂ 6 ᠰᠠᠷ᠎ᠠ ᠠᠴᠠ 1 ᠵᠢᠯ ᠦᠨ ᠬᠤᠭᠤᠴᠠᠭᠠᠨ ᠳᠤ ᠰᠤᠷᠭᠠᠵᠤ᠂ ᠪᠡᠯᠡᠳᠬᠡᠬᠦ ᠢᠢ ᠵᠣᠷᠢᠵᠤ ᠪᠠᠢᠢᠭ᠎ᠠ ᠲᠤᠬᠠᠶ ᠪᠣᠯᠪᠠᠰᠤᠷᠠᠯ ᠤᠨ ᠰᠠᠢᠢᠳ ᠫᠦ᠊·ᠨᠠᠷᠠᠨᠪᠠᠶᠠᠷ ᠬᠡᠯᠡᠯ᠎ᠡ᠃

ᠡᠨᠡ ᠵᠢᠯ «ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠬᠦᠷᠢᠶᠡᠨ ᠳᠥ ᠠᠷᠠᠯᠵᠢᠶᠠᠨ ᠤ 10 ᠪᠠᠩᠻᠢ ᠠᠵᠤ ᠠᠬᠤᠢ ᠢᠢᠨ ᠨᠢᠭᠡᠴᠡ ᠨᠦᠭᠦᠳ ᠲᠥ ᠡᠷᠭᠢᠯᠲᠡ ᠢᠢᠨ ᠬᠥᠷᠦᠩ᠋ᠭᠡ ᠢᠢᠨ ᠵᠢᠭᠡᠯᠡ ᠬᠡᠯᠪᠡᠷᠢ ᠪᠡᠷ 300 ᠲᠡᠷᠪᠤᠮ᠂ ᠬᠥᠷᠦᠩ᠋ᠭᠡ ᠣᠷᠤᠭᠤᠯᠤᠯᠲᠠ ᠢᠢᠨ ᠵᠡᠭᠡᠯᠡ ᠳᠥ 489 ᠲᠡᠷᠪᠤᠮ ᠲᠥᠭᠦᠷᠢᠭ᠌ ᠣᠯᠭᠤᠵᠤ᠂ ᠳᠡᠭᠡᠷᠡᠬᠢ ᠬᠣᠶᠠᠷ ᠵᠡᠭᠡᠯᠡ ᠢᠢᠨ ᠵᠠᠰᠠᠭ ᠤᠨ ᠭᠠᠵᠠᠷ ᠠᠴᠠ ᠬᠠᠷᠢᠭᠤᠴᠠᠨ ᠲᠥᠯᠦᠬᠦ ᠬᠦ᠋ᠦ ᠢᠢᠨ ᠬᠥᠩ᠋ᠭᠡᠯᠡᠯᠲᠡ ᠳᠥ 66 ᠲᠡᠷᠪᠤᠮ ᠲᠥᠭᠦᠷᠢᠭ᠌ ᠵᠠᠷᠤᠴᠠᠭᠤᠯᠤᠨ᠎ᠠ᠃
ᠦᠨᠳᠦᠰᠦᠨ ᠦ ᠦᠢᠯᠡᠳᠪᠦᠷᠢᠯᠡᠭᠴᠢᠳ ᠵᠢᠯ ᠳᠥ ᠨᠢᠭᠡ ᠰᠠᠶ᠎ᠠ ᠭᠠᠷᠤᠶ ᠬᠣᠣᠰ ᠭᠤᠲᠤᠯ ᠦᠢᠯᠡᠳᠪᠦᠷᠢᠯᠡᠳᠡᠭ ᠪᠥᠭᠡᠳ «ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠬᠦᠷᠢᠶᠡᠨ ᠳᠥ ᠬᠣᠶᠠᠷ ᠰᠠᠶ᠎ᠠ ᠳᠤ ᠬᠦᠷᠭᠡᠬᠦ ᠵᠣᠷᠢᠯᠲᠠ ᠲᠠᠯᠪᠢᠵᠠᠶ᠃

