Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠢᠯᠠᠯᠲᠠ ᠢᠢᠨ 80 ᠵᠢᠯ ᠦᠨ ᠣᠢ ᠢᠢᠨ ᠪᠠᠶᠠᠷ ᠲᠤ ᠣᠷᠤᠯᠴᠠᠬᠤ ᠪᠠᠷ ᠮᠣᠰᠻᠸᠠ ᠬᠣᠲᠠᠨ᠎ᠠ ᠬᠦᠷᠦᠯᠴᠡᠨ ᠢᠷᠡᠯ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠷᠤᠰ ᠤᠨ ᠬᠣᠯᠪᠤᠭᠠᠨ ᠤ ᠤᠯᠤᠰ ᠤᠨ ᠶᠡᠷᠦᠩᠬᠡᠢᠢᠯᠡᠭᠴᠢ ᠸᠯᠠ᠊· ᠸᠯᠠ᠊· ᠫᠦᠲ᠋ᠢᠨ ᠦ ᠤᠷᠢᠯᠭ᠎ᠠ ᠪᠠᠷ 2025 ᠣᠨ ᠤ 05 ᠳ᠋ᠤᠭᠠᠷ ᠰᠠᠷ᠎ᠠ ᠢᠢᠨ 09 ᠦ ᠡᠳᠦᠷ ᠪᠣᠯᠬᠤ ᠠᠤᠭ᠎ᠠ ᠶᠡᠬᠡ ᠡᠬᠡ ᠣᠷᠤᠨ ᠤ ᠳᠠᠢᠢᠨ ᠤ ᠢᠯᠠᠯᠲᠠ ᠢᠢᠨ 80 ᠵᠢᠯ ᠦᠨ ᠣᠢ ᠢᠢᠨ ᠪᠠᠶᠠᠷ ᠲᠤ ᠣᠷᠤᠯᠴᠠᠬᠤ ᠪᠠᠷ ᠮᠣᠰᠻᠸᠠ ᠬᠣᠲᠠᠨ᠎ᠠ ᠬᠦᠷᠦᠯᠴᠡᠨ ᠢᠷᠡᠯ᠎ᠡ᠃

ᠮᠣᠩ᠋ᠭᠤᠯ ᠤᠯᠤᠰ ᠤᠨ ᠶᠡᠷᠦᠩᠬᠡᠢᠢᠯᠡᠭᠴᠢ ᠪᠣᠯᠤᠨ ᠳᠠᠭᠠᠯᠳᠤᠨ ᠶᠠᠪᠤᠭ᠎ᠠ ᠠᠯᠪᠠᠨ ᠶᠣᠰᠤᠨ ᠤ ᠲᠥᠯᠦᠭᠡᠯᠡᠭᠴᠢᠳ ᠢ ᠮᠣᠰᠻᠸᠠ ᠬᠣᠲᠠ ᠢᠢᠨ «ᠸᠨᠦ᠋ᠻᠣᠸᠣ᠋» ᠣᠯᠠᠨ ᠤᠯᠤᠰ ᠤᠨ ᠨᠢᠰᠬᠦ ᠣᠩ᠋ᠭᠤᠴᠠ ᠢᠢᠨ ᠪᠠᠭᠤᠳᠠᠯ ᠳᠤ ᠬᠦᠷᠦᠯᠴᠡᠨ ᠢᠷᠡᠬᠦ ᠳᠥ ᠲᠥᠷᠦ ᠢᠢᠨ ᠬᠦᠨᠳᠦᠲᠦ ᠬᠠᠷᠠᠭᠤᠯ ᠵᠢᠭ᠌ᠰᠠᠵᠤ᠂ ᠣᠷᠤᠰ ᠤᠨ ᠬᠣᠯᠪᠤᠭᠠᠨ ᠤ ᠤᠯᠤᠰ ᠤᠨ ᠭᠠᠳᠠᠭᠠᠳᠤ ᠬᠡᠷᠡᠭ ᠦᠨ ᠣᠷᠤᠯᠠᠭᠴᠢ ᠰᠠᠢᠢᠳ ᠠ᠊·ᠸ᠊·ᠷᠦᠳᠧᠨ᠋ᠻᠣ᠂ ᠭᠠᠳᠠᠭᠠᠳᠤ ᠬᠠᠷᠢᠯᠴᠠᠭᠠᠨ ᠤ ᠶᠠᠮᠤᠨ ᠤ ᠲᠥᠷᠦ ᠢᠢᠨ ᠶᠣᠰᠤᠯᠠᠯ ᠤᠨ ᠭᠠᠵᠠᠷ ᠤᠨ ᠵᠠᠬᠢᠷᠤᠯ ᠢ᠊·ᠸ᠊·ᠪᠣᠭᠳᠠᠱᠧᠸ᠂ ᠮᠣᠩ᠋ᠭᠤᠯ ᠤᠯᠤᠰ ᠠᠴᠠ ᠣᠷᠤᠰ ᠤᠨ ᠬᠣᠯᠪᠤᠭᠠᠨ ᠤ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠥ᠊·ᠡᠩᠬᠡᠲᠦ᠋ᠪᠰᠢᠨ ᠨᠠᠷ ᠤᠭᠲᠤᠪᠠ᠃

ᠶᠡᠷᠦᠩᠬᠡᠢᠢᠯᠡᠭᠴᠢ ᠤ·ᠬᠦᠷᠡᠯᠰᠦ᠋ᠬᠡ ᠥᠨᠦᠳᠦᠷ ᠶᠡᠷᠦᠩᠬᠡᠢᠢᠯᠡᠭᠴᠢ ᠸᠯᠠ᠊· ᠸᠯᠠ᠊· ᠫᠤᠲ᠋ᠢᠨ ᠲᠠᠢ ᠠᠯᠪᠠᠨ ᠶᠣᠰᠤᠨ ᠤ ᠠᠭᠤᠯᠵᠠᠯᠲᠠ ᠬᠢᠵᠦ᠂ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠨ᠎ᠠ᠃

ᠶᠡᠷᠦᠩᠬᠡᠢᠢᠯᠡᠭᠴᠢ 05 ᠳ᠋ᠤᠭᠠᠷ ᠰᠠᠷ᠎ᠠ ᠢᠢᠨ 09 ᠦ ᠡᠳᠦᠷ ᠤᠯᠠᠭᠠᠨ ᠲᠠᠯᠠᠪᠠᠢ ᠳᠤ ᠪᠣᠯᠬᠤ ᠢᠯᠠᠯᠲᠠ ᠢᠢᠨ ᠪᠠᠶᠠᠷ ᠤᠨ ᠶᠣᠰᠤᠯᠠᠯ ᠳᠤ ᠪᠤᠰᠤᠳ ᠤᠯᠤᠰ ᠤᠨ ᠲᠥᠷᠦ ᠢᠢᠨ ᠲᠡᠷᠢᠭᠦᠨ᠂ ᠥᠨᠳᠦᠷ ᠳᠡᠭᠡᠳᠦ ᠠᠯᠪᠠᠨ ᠲᠤᠰᠢᠶᠠᠯᠲᠠᠨ ᠨᠤᠭᠤᠳ ᠤᠨ ᠬᠠᠮᠲᠤ ᠣᠷᠤᠯᠴᠠᠵᠤ᠂ ᠠᠯᠧᠻᠰᠠᠨ᠋ᠳ᠋ᠷᠣᠸ ᠤᠨ ᠴᠡᠴᠡᠷᠯᠢᠭ ᠳ᠋ᠡᠬᠢ «ᠨᠡᠷ᠎ᠡ ᠨᠢ ᠦᠯᠦ ᠮᠡᠳᠡᠭᠳᠡᠬᠦ ᠴᠡᠷᠢᠭ ᠦᠨ ᠬᠥᠰᠢᠶ᠎ᠡ» ᠳᠤ ᠴᠡᠴᠡᠭ ᠡᠷᠭᠦᠨ᠎ᠡ᠃

ᠮᠥᠨ ᠮᠣᠰᠻᠸᠠ ᠬᠣᠲᠠ ᠢᠢᠨ ᠬᠦᠨᠳᠦᠳᠬᠡᠯ ᠦᠨ ᠳᠡᠨᠵᠢ ᠳ᠋ᠡᠬᠢ ᠢᠯᠠᠯᠲᠠ ᠢᠢᠨ ᠴᠡᠴᠡᠷᠯᠢᠭ ᠲᠥ ᠬᠦᠷᠢᠶᠡᠯᠡᠩ ᠳᠥ ᠪᠠᠢᠢᠷᠢᠯᠠᠭᠤᠯᠤᠭᠰᠠᠨ «ᠢᠯᠠᠯᠲᠠ ᠳᠤ ᠲᠡᠮᠡᠦᠯᠦᠭᠰᠡᠨ ᠮᠣᠷᠢᠳ» ᠬᠥᠰᠢᠶᠡᠨ ᠳᠥ ᠴᠡᠴᠡᠭ ᠡᠷᠭᠦᠵᠦ᠂ ᠪᠦᠭᠦᠳᠡ ᠨᠠᠢᠢᠷᠠᠮᠳᠠᠬᠤ ᠮᠣᠩ᠋ᠭᠤᠯ ᠠᠷᠠᠳ ᠤᠯᠤᠰ ᠤᠨ ᠪᠠᠭᠠᠲᠤᠷ ᠪᠣᠯᠤᠨ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠰᠡᠨ ᠵᠥᠪᠯᠡᠯᠲᠦ ᠬᠣᠯᠪᠤᠭᠠᠲᠤ ᠤᠯᠤᠰ᠂ ᠣᠷᠤᠰ ᠤᠨ ᠬᠣᠯᠪᠤᠭᠠᠨ ᠤ ᠤᠯᠤᠰ ᠤᠨ ᠢᠷᠭᠡᠳ ᠦᠨ ᠲᠥᠯᠦᠭᠡᠯᠡᠯ ᠲᠡᠢ ᠠᠭᠤᠯᠵᠠᠬᠤ ᠪᠠᠷ ᠲᠥᠯᠦᠪᠯᠡᠵᠦ ᠪᠠᠢᠢᠨ᠎ᠠ᠃

ᠢᠯᠠᠯᠲᠠ ᠢᠢᠨ ᠪᠠᠶᠠᠷ ᠤᠨ ᠵᠢᠭ᠌ᠰᠠᠭᠠᠯ ᠳᠤ ᠮᠣᠩ᠋ᠭᠤᠯ ᠤᠯᠤᠰ ᠤᠨ ᠵᠡᠪᠰᠡᠭᠲᠦ ᠬᠦᠴᠦᠨ ᠦ ᠪᠡᠶ᠎ᠡ ᠪᠦᠷᠢᠯᠳᠦᠬᠦᠨ ᠣᠷᠤᠯᠴᠠᠨ᠎ᠠ᠃ ᠲᠤᠰ ᠪᠠᠶᠠᠷ ᠤᠨ ᠶᠣᠰᠤᠯᠠᠯ ᠳᠤ ᠮᠠᠨ ᠤ ᠤᠯᠤᠰ ᠠᠴᠠ ᠲᠥᠷᠦ ᠢᠢᠨ ᠲᠡᠷᠢᠭᠦᠨ ᠦ ᠲᠥᠪᠰᠢᠨ ᠳᠥ 1995᠂ 2005᠂ 2010᠂ 2015 ᠣᠨ ᠳᠤ᠂ ᠵᠡᠪᠰᠡᠭᠲᠦ ᠬᠦᠴᠦᠨ ᠦ ᠰᠠᠯᠪᠤᠷᠢ 70 ᠪᠣᠯᠤᠨ 75 ᠵᠢᠯ ᠦᠨ ᠪᠠᠶᠠᠷ ᠤᠨ ᠵᠢᠭ᠌ᠰᠠᠭᠠᠯ ᠳᠤ ᠣᠷᠤᠯᠴᠠᠭᠰᠠᠨ ᠶᠤᠮ᠃