Та "Internet explorer"-ийн сүүлийн хувилбар болох "Microsoft edge"-г ашиглана уу

Хэрэв "Microsoft edge"-г татах бол энд дарж татаж авна уу

ᠰᠤᠪᠢᠯᠠᠭᠴᠢᠳ ᠤᠨ ᠲᠣᠭ᠎ᠠ ᠢᠢ ᠨᠡᠮᠡᠬᠦ᠂ ᠮᠡᠷᠭᠡᠰᠢᠭᠦᠯᠬᠦ᠂ ᠮᠡᠷᠭᠡᠵᠢᠯ ᠦᠨ ᠬᠢ ᠨᠢ ᠦᠨ᠎ᠡ ᠴᠡᠨ᠎ᠡ ᠢᠢ ᠲᠠᠨᠢᠭᠤᠯᠬᠤ ᠳᠤ ᠣᠨᠴᠤᠭᠤᠶ ᠠᠩᠬᠠᠷᠬᠤ ᠱᠠᠭᠠᠷᠳᠠᠯᠭ᠎ᠠ ᠲᠠᠢ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠲᠥᠷᠦ ᠢᠢᠨ ᠣᠷᠳᠣᠨ ᠳᠤ «ᠰᠤᠪᠢᠯᠠᠭᠴᠢ ᠲᠠᠨ ᠳᠤ ᠪᠠᠨ ᠪᠠᠶᠠᠷᠯᠠᠯ᠎ᠠ-2025» ᠤᠯᠤᠰ ᠤᠨ ᠵᠥᠪᠯᠡᠭᠡᠨ ᠪᠣᠯᠵᠤ ᠪᠠᠢᠢᠨ᠎ᠠ᠃

ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠶᠣᠰᠤᠯᠠᠯ ᠳᠤ ᠣᠷᠤᠯᠴᠠᠵᠤ᠂ ᠰᠤᠪᠢᠯᠠᠭᠴᠢ᠂ ᠡᠷᠡᠭᠦᠯ ᠮᠡᠨᠳᠦ ᠢᠢᠨ ᠰᠠᠯᠪᠤᠷᠢ ᠢᠢᠨ ᠠᠵᠢᠯᠲᠠᠨ᠂ ᠠᠯᠪᠠᠨ ᠬᠠᠭᠠᠭᠴᠢᠳ ᠪᠣᠯᠤᠨ ᠵᠣᠴᠢᠳ᠂ ᠲᠥᠯᠦᠭᠡᠯᠡᠭᠴᠢᠳ ᠲᠥ ᠲᠠᠯᠠᠷᠬᠠᠯ ᠢᠯᠡᠷᠬᠡᠢᠢᠯᠡᠵᠦ᠂ ᠣᠯᠠᠨ ᠤᠯᠤᠰ ᠤᠨ ᠰᠤᠪᠢᠯᠠᠭᠴᠢᠳ ᠤᠨ ᠪᠠᠶᠠᠷ ᠤᠨ ᠮᠡᠨᠳᠦ ᠬᠦᠷᠭᠡᠯ᠎ᠡ᠃

ᠶᠡᠷᠦᠩᠬᠡᠢᠢᠯᠡᠭᠴᠢ᠂ ᠬᠦᠮᠦᠨ ᠠᠮᠠ ᠢᠢᠨ ᠡᠷᠡᠭᠦᠯ ᠮᠡᠨᠳᠦ ᠢᠢ ᠰᠠᠬᠢᠨ ᠬᠠᠮᠠᠭᠠᠯᠠᠬᠤ᠂ ᠡᠪᠡᠳᠴᠢᠯᠡᠯ ᠡᠴᠡ ᠤᠷᠢᠳᠴᠢᠯᠠᠨ ᠰᠡᠷᠭᠡᠢᠢᠯᠡᠬᠦ᠂ ᠡᠳᠡᠭᠡᠭᠡᠨ ᠢᠯᠠᠷᠢᠰᠢᠭᠤᠯᠬᠤ᠂ ᠰᠡᠷᠭᠦᠭᠡᠨ ᠵᠠᠰᠠᠬᠤ ᠳᠤ ᠰᠤᠪᠢᠯᠠᠭᠴᠢᠳ ᠤᠨ ᠬᠤᠪᠢ ᠨᠡᠮᠡᠷᠢ᠂ ᠡᠭᠦᠷᠭᠡ᠂ ᠬᠠᠷᠢᠭᠤᠴᠠᠯᠭ᠎ᠠ ᠨᠡᠩ ᠴᠢᠬᠤᠯᠠ ᠭᠡᠳᠡᠭ ᠢ ᠲᠡᠮᠳᠡᠭᠯᠡᠯ᠎ᠡ᠃

ᠲᠥᠷᠦ᠂ ᠵᠠᠰᠠᠭ ᠠᠴᠠ ᠰᠤᠪᠢᠯᠠᠬᠤᠢ ᠢᠢᠨ ᠰᠢᠨᠵᠢᠯᠡᠬᠦ ᠤᠬᠠᠭᠠᠨ ᠢ ᠬᠥᠭ᠍ᠵᠢᠭᠦᠯᠬᠦ᠂ ᠰᠤᠪᠢᠯᠠᠭᠴᠢᠳ ᠢ ᠪᠡᠯᠡᠳᠭᠡᠬᠦ ᠴᠢᠭᠯᠡᠯ ᠢᠶᠡᠷ ᠪᠠᠭ᠎ᠠ ᠦᠭᠡᠢ ᠠᠩᠬᠠᠷᠴᠤ᠂ ᠰᠤᠪᠢᠯᠠᠭᠴᠢ ᠢᠢᠨ ᠴᠠᠯᠢᠩ ᠢ 2019 ᠣᠨ ᠲᠠᠢ ᠬᠠᠷᠢᠴᠠᠭᠤᠯᠬᠤ ᠳᠤ 1.7-2 ᠳᠠᠬᠢᠨ ᠨᠡᠮᠡᠵᠦ᠂ 2024 ᠣᠨ ᠠᠴᠠ ᠣᠷᠤᠨ ᠨᠤᠲᠤᠭ᠂ ᠣᠨᠴᠤᠭᠤᠶ ᠨᠥᠬᠦᠴᠡᠯ ᠦᠨ ᠨᠡᠮᠡᠭᠳᠡᠯ ᠢ ᠣᠯᠭᠤᠵᠤ ᠡᠬᠢᠯᠡᠭᠰᠡᠨ ᠢ ᠣᠨᠴᠠᠯᠠᠯ᠎ᠠ᠃

ᠮᠥᠨ ᠰᠤᠪᠢᠯᠠᠭᠴᠢ ᠮᠡᠷᠭᠡᠵᠢᠯ ᠢᠶᠡᠷ ᠰᠤᠷᠤᠯᠴᠠᠭᠴᠢᠳ ᠲᠤ ᠲᠡᠳᠬᠦᠯᠭᠡ ᠣᠯᠭᠤᠵᠤ᠂ ᠠᠷᠤᠬᠠᠩ᠋ᠭᠠᠶ ᠠᠢᠢᠮᠠᠭ ᠲᠤ ᠡᠨᠡ ᠨᠠᠮᠤᠷ ᠠᠴᠠ ᠰᠤᠪᠢᠯᠠᠬᠤᠢ ᠢᠢᠨ ᠰᠤᠷᠭᠠᠯᠲᠠ᠂ ᠡᠷᠳᠡᠮ ᠰᠢᠨᠵᠢᠯᠡᠭᠡ᠂ ᠡᠷᠡᠭᠦᠯ ᠮᠡᠨᠳᠦ ᠢᠢᠨ ᠲᠤᠰᠠᠯᠠᠮᠵᠢ᠂ ᠦᠢᠯᠡᠴᠢᠯᠡᠭᠡᠨ ᠦ ᠲᠥᠪ ᠠᠵᠢᠯᠯᠠᠵᠤ ᠡᠬᠢᠯᠡᠬᠦ ᠢᠢ ᠳᠤᠷᠠᠳᠤᠯ᠎ᠠ᠃

ᠡᠭᠦᠨ ᠦ ᠵᠡᠷᠭᠡᠴᠡᠭᠡ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠰᠤᠪᠢᠯᠠᠭᠴᠢ ᠢᠢ ᠮᠡᠷᠭᠡᠰᠢᠭᠦᠯᠬᠦ᠂ ᠲᠠᠰᠤᠷᠠᠯᠲᠠ ᠦᠭᠡᠢ ᠬᠥᠭ᠍ᠵᠢᠭᠦᠯᠬᠦ᠂ ᠡᠷᠳᠡᠮ ᠰᠢᠨᠵᠢᠯᠡᠭᠡᠨ ᠦ ᠠᠵᠢᠯ ᠬᠢᠬᠦ ᠪᠣᠯᠤᠮᠵᠢ᠂ ᠨᠥᠬᠦᠴᠡᠯ ᠢ ᠪᠦᠷᠢᠳᠦᠭᠦᠯᠬᠦ ᠵᠣᠷᠢᠯᠭ᠎ᠠ ᠲᠠᠢ ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ ᠢᠢᠨ «ᠰᠤᠪᠢᠯᠠᠬᠤᠢ ᠢᠢᠨ ᠰᠤᠷᠭᠠᠯᠲᠠ᠂ ᠰᠤᠳᠤᠯᠭᠠᠨ ᠤ ᠲᠥᠪ» ᠤᠨ ᠪᠦᠲᠦᠭᠡᠨ ᠪᠠᠢᠢᠭᠤᠯᠤᠯᠲᠠ ᠥᠨᠦᠳᠦᠷ ᠡᠬᠢᠯᠡᠵᠦ ᠪᠠᠢᠢᠭ᠎ᠠ ᠢᠢ ᠳᠤᠭᠤᠯᠭᠠᠯ᠎ᠠ᠃

ᠴᠢᠨᠠᠭᠰᠢᠳᠠ ᠰᠤᠪᠢᠯᠠᠭᠴᠢᠳ ᠤᠨ ᠲᠣᠭ᠎ᠠ ᠢᠢ ᠨᠡᠮᠡᠭᠳᠡᠭᠦᠯᠬᠦ᠂ ᠨᠠᠷᠢᠨ ᠮᠡᠷᠭᠡᠰᠢᠯ ᠡᠵᠡᠮᠰᠢᠭᠦᠯᠬᠦ᠂ ᠰᠤᠪᠢᠯᠠᠭᠴᠢ ᠮᠡᠷᠭᠡᠵᠢᠯ ᠦᠨ ᠦᠨ᠎ᠡ ᠴᠡᠨ᠎ᠡ ᠢᠢ ᠰᠤᠷᠲᠠᠯᠴᠢᠯᠠᠨ ᠲᠠᠨᠢᠭᠤᠯᠬᠤ ᠳᠤ ᠣᠨᠴᠤᠭᠤᠶ ᠠᠩᠬᠠᠷᠬᠤ ᠱᠠᠭᠠᠷᠳᠠᠯᠭ᠎ᠠ ᠲᠠᠢ ᠢᠢ ᠬᠡᠯᠡᠯ᠎ᠡ᠃

ᠰᠤᠪᠢᠯᠠᠭᠴᠢᠳ ᠤᠨ ᠠᠵᠢᠯᠯᠠᠬᠤ ᠣᠷᠴᠢᠨ ᠨᠥᠬᠦᠴᠡᠯ ᠢ ᠰᠠᠢᠢᠵᠢᠷᠠᠭᠤᠯᠬᠤ᠂ ᠴᠠᠯᠢᠩ ᠬᠥᠯᠦᠰᠦ᠂ ᠨᠡᠢᠢᠭᠡᠮ ᠦᠨ ᠪᠠᠲᠤᠯᠠᠭ᠎ᠠ ᠢᠢ ᠬᠠᠩ᠋ᠭᠠᠬᠤ᠂ ᠲᠣᠭᠲᠠᠪᠤᠷᠢ ᠲᠠᠢ ᠠᠵᠢᠯᠯᠠᠬᠤ ᠨᠥᠬᠦᠴᠡᠯ ᠪᠦᠷᠢᠳᠦᠭᠦᠯᠵᠦ᠂ ᠡᠮᠨᠡᠯᠭᠡ ᠢᠢᠨ ᠲᠤᠰᠠᠯᠠᠮᠵᠢ᠂ ᠦᠢᠯᠡᠴᠢᠯᠡᠭᠡ ᠢᠢ ᠴᠢᠨᠠᠷᠲᠠᠶ᠂ ᠬᠦᠷᠲᠡᠭᠡᠮᠵᠢ ᠲᠡᠢ ᠪᠣᠯᠭᠠᠬᠤ ᠳᠤ ᠲᠥᠷᠦ ᠢᠢᠨ ᠪᠣᠳᠤᠯᠭ᠎ᠠ᠂ ᠦᠢᠯᠡ ᠠᠵᠢᠯᠯᠠᠭ᠎ᠠ ᠴᠢᠭᠯᠡᠬᠦ ᠤᠴᠢᠷ ᠲᠠᠢ ᠢᠢ ᠲᠡᠮᠳᠡᠭᠯᠡᠪᠡ᠃

ᠶᠡᠷᠦᠩᠬᠡᠢᠢᠯᠡᠭᠴᠢ ᠢᠢᠨ ᠰᠠᠨᠠᠭᠠᠴᠢᠯᠠᠨ ᠬᠡᠷᠡᠭᠵᠢᠭᠦᠯᠵᠦ ᠪᠤᠢ «ᠡᠷᠡᠭᠦᠯ ᠮᠣᠩ᠋ᠭᠤᠯ ᠬᠦᠮᠦᠨ» ᠦᠨᠳᠦᠰᠦᠨ ᠦ ᠬᠥᠳᠡᠯᠭᠡᠭᠡᠨ ᠢ ᠦᠷ᠎ᠡ ᠳ᠋ᠦᠩ ᠳᠥ ᠬᠦᠷᠭᠡᠬᠦ ᠳᠥ ᠡᠷᠡᠭᠦᠯ ᠮᠡᠨᠳᠦ ᠢᠢᠨ ᠰᠠᠯᠪᠤᠷᠢ ᠢᠢᠨ ᠨᠡᠢᠢᠲᠡ ᠬᠠᠮᠲᠤ ᠣᠯᠠᠨ ᠤ ᠬᠦᠴᠦᠨ ᠵᠢᠳᠬᠦᠯ᠂ ᠬᠠᠮᠲᠤ ᠢᠢᠨ ᠠᠵᠢᠯᠯᠠᠭ᠎ᠠ ᠨᠡᠩ ᠴᠢᠬᠤᠯᠠ ᠭᠡᠳᠡᠭ ᠢ ᠲᠥᠷᠦ ᠢᠢᠨ ᠲᠡᠷᠢᠭᠦᠨ ᠬᠡᠯᠡᠯ᠎ᠡ᠃

ᠮᠠᠨ ᠤ ᠤᠯᠤᠰ 15 ᠮᠢᠩ᠋ᠭ᠎ᠠ ᠭᠠᠷᠤᠶ ᠰᠤᠪᠢᠯᠠᠭᠴᠢ ᠲᠠᠢ ᠪᠥᠭᠡᠳ ᠡᠨᠡ ᠨᠢ ᠡᠷᠡᠭᠦᠯ ᠮᠡᠨᠳᠦ ᠢᠢᠨ ᠰᠠᠯᠪᠤᠷᠢ ᠢᠢᠨ ᠨᠡᠢᠢᠲᠡ ᠬᠦᠮᠦᠨ ᠦ ᠨᠥᠭᠡᠴᠡ ᠢᠢᠨ 22 ᠬᠤᠪᠢ ᠶᠤᠮ᠃ 1.000 ᠬᠦᠮᠦᠨ ᠳᠥ ᠨᠣᠭᠳᠠᠬᠤ ᠰᠤᠪᠢᠯᠠᠭᠴᠢ ᠢᠢᠨ ᠲᠣᠭ᠎ᠠ 4.2 ᠪᠠᠢᠢᠭ᠎ᠠ ᠨᠢ ᠣᠯᠠᠨ ᠤᠯᠤᠰ ᠤᠨ ᠳᠤᠮᠳᠠᠵᠢ ᠠᠴᠠ 2.4 ᠳᠠᠬᠢᠨ ᠴᠥᠭᠡᠨ ᠭᠡᠰᠡᠨ ᠦᠭᠡ᠃ ᠮᠥᠨ ᠮᠠᠨ ᠤ ᠤᠯᠤᠰ ᠲᠤ ᠰᠡᠭᠦᠯ ᠦᠨ 4 ᠵᠢᠯ ᠳᠥ ᠪᠡᠯᠡᠳᠭᠡᠭ᠍ᠰᠡᠨ ᠨᠡᠢᠢᠲᠡ ᠰᠤᠪᠢᠯᠠᠭᠴᠢᠳ ᠤᠨ 47 ᠬᠤᠪᠢ ᠨᠢ ᠮᠡᠷᠭᠡᠵᠢᠯ ᠢᠶᠡᠷ ᠢᠶᠡᠨ ᠠᠵᠢᠯᠯᠠᠳᠠᠭ ᠦᠭᠡᠢ ᠭᠡᠰᠡᠨ ᠰᠲ᠋ᠠᠲ᠋ᠢᠰᠲ᠋ᠢᠭ᠌᠋ ᠰᠤᠳᠤᠯᠭ᠎ᠠ ᠭᠠᠷᠴᠠᠶ᠃

«ᠰᠤᠪᠢᠯᠠᠭᠴᠢ ᠲᠠᠨ ᠳᠤ ᠪᠠᠨ ᠪᠠᠶᠠᠷᠯᠠᠯ᠎ᠠ-2025» ᠠᠷᠭ᠎ᠠ ᠬᠡᠮᠵᠢᠶᠡᠨ ᠦ ᠦᠶ᠎ᠡ ᠪᠡᠷ ᠡᠷᠡᠭᠦᠯ ᠮᠡᠨᠳᠦ ᠢᠢᠨ ᠰᠠᠯᠪᠤᠷᠢ ᠳᠤ ᠠᠪᠴᠤ ᠬᠡᠷᠡᠭᠵᠢᠭᠦᠯᠵᠦ ᠪᠤᠢ ᠪᠣᠳᠤᠯᠭ᠎ᠠ᠂ ᠬᠤᠪᠢ ᠬᠦᠮᠦᠨ ᠦ ᠬᠥᠭ᠍ᠵᠢᠯ ᠦᠨ ᠢᠯᠡᠳᠬᠡᠯ ᠪᠣᠯᠤᠨ «ᠡᠳ᠋ ᠦᠨ ᠵᠠᠰᠠᠭ᠂ ᠨᠡᠢᠢᠭᠡᠮ ᠦᠨ ᠬᠥᠭ᠍ᠵᠢᠯ ᠳᠥ ᠰᠤᠪᠢᠯᠠᠭᠴᠢ ᠪᠢᠳᠡᠨ ᠦ ᠣᠷᠤᠯᠴᠠᠭ᠎ᠠ» ᠰᠡᠳᠦᠪ ᠲᠥ ᠨᠢᠭᠡᠳᠡᠭᠰᠡᠨ ᠬᠡᠯᠡᠯᠴᠡᠭᠦᠯᠭᠡ ᠪᠣᠯᠬᠤ ᠶᠤᠮ᠃

ᠡᠨᠡ ᠵᠢᠯ ᠣᠯᠠᠨ ᠤᠯᠤᠰ ᠤᠨ ᠰᠤᠪᠢᠯᠠᠭᠴᠢᠳ ᠤᠨ ᠡᠳᠦᠷ ᠢ «ᠰᠤᠪᠢᠯᠠᠭᠴᠢᠳ ᠢᠶᠠᠨ ᠳᠡᠮᠵᠢᠵᠦ ᠡᠳ᠋ ᠦᠨ ᠵᠠᠰᠠᠭ ᠢᠶᠠᠨ ᠪᠡᠬᠢᠵᠢᠭᠦᠯᠦᠶ ᠡ» ᠤᠷᠢᠶᠠᠨ ᠳᠣᠣᠷ᠎ᠠ 30 ᠳ᠋ᠠᠬᠢ ᠵᠢᠯ ᠳᠥ ᠪᠡᠨ ᠲᠡᠮᠳᠡᠭᠯᠡᠨ ᠥᠩ᠋ᠭᠡᠷᠡᠭᠦᠯᠵᠦ ᠪᠠᠢᠢᠨ᠎ᠠ᠃