ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤᠬᠤᠨ᠎ᠠ ᠢᠢᠨ ᠬᠦᠷᠡᠯᠰᠦ᠋ᠬᠡ ᠣᠷᠤᠰ ᠤᠨ ᠬᠣᠯᠪᠤᠭᠠᠨ ᠤ ᠤᠯᠤᠰ ᠤᠨ ᠶᠡᠷᠦᠩᠬᠡᠢᠢᠯᠡᠭᠴᠢ ᠸᠯᠠ᠊·ᠸᠯᠠ᠊·ᠫᠦᠲ᠋ᠢᠨ ᠦ ᠤᠷᠢᠯᠭ᠎ᠠ ᠪᠠᠷ ᠠᠤᠭ᠎ᠠ ᠶᠡᠬᠡ ᠡᠬᠡ ᠣᠷᠤᠨ ᠤ ᠳᠠᠢᠢᠨ ᠤ ᠢᠯᠠᠯᠲᠠ ᠢᠢᠨ ᠲᠡᠦᠬᠡᠲᠦ 80 ᠵᠢᠯ ᠦᠨ ᠣᠢ ᠢᠢᠨ ᠪᠠᠶᠠᠷ ᠤᠨ ᠴᠡᠷᠢᠭ ᠦᠨ ᠬᠦᠨᠳᠦᠳᠬᠡᠯ ᠦᠨ ᠶᠣᠰᠤᠯᠠᠯ ᠳᠤ ᠣᠷᠤᠯᠴᠠᠯ᠎ᠠ᠃
ᠢᠯᠠᠯᠲᠠ ᠢᠢᠨ ᠪᠠᠶᠠᠷ ᠤᠨ ᠵᠢᠭ᠌ᠰᠠᠭᠠᠯ ᠳᠤ ᠣᠷᠤᠰ ᠤᠨ ᠬᠣᠯᠪᠤᠭᠠᠨ ᠤ ᠤᠯᠤᠰ ᠤᠨ 11 ᠮᠢᠩ᠋ᠭ᠎ᠠ ᠭᠠᠷᠤᠶ ᠴᠡᠷᠢᠭ ᠦᠨ ᠠᠯᠪᠠ ᠬᠠᠭᠠᠭᠴᠢ᠂ ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ᠂ ᠠᠽᠧᠷᠪᠠᠢᠢᠵᠠᠨ᠂ ᠪᠧᠯᠠᠷᠦ᠋ᠰ᠂ ᠲᠠᠵᠢᠻᠰᠲ᠋ᠠᠨ᠂ ᠻᠠᠽᠠᠻᠰᠲ᠋ᠠᠨ᠂ ᠲᠦᠷᠻᠮᠧᠨᠢᠰᠲ᠋ᠠᠨ᠂ ᠻᠢᠷᠭᠢᠽᠰᠲ᠋ᠠᠨ᠂ ᠶᠧᠭᠢᠫᠧᠲ᠋᠂ ᠦᠽᠪᠧᠻᠰᠲ᠋ᠠᠨ᠂ ᠸᠢᠶᠧᠲ᠋ᠨᠠᠮ᠂ ᠯᠠᠣᠰ᠂ ᠮᠢᠶᠠᠨ᠋ᠮᠠᠷ ᠵᠡᠷᠭᠡ 13 ᠣᠷᠤᠨ ᠤ 1.500 ᠭᠠᠷᠤᠶ ᠴᠡᠷᠢᠭ ᠦᠨ ᠠᠯᠪᠠ ᠬᠠᠭᠠᠭᠴᠢ ᠣᠷᠤᠯᠴᠠᠯ᠎ᠠ᠃

28 ᠣᠹᠢᠼᠧᠷ᠂ 50 ᠠᠬᠠᠯᠠᠭᠴᠢ᠂ ᠴᠡᠷᠢᠭ ᠦᠨ ᠭᠡᠷᠡᠳᠦ ᠬᠣᠶᠠᠷ ᠠᠯᠪᠠ ᠬᠠᠭᠠᠭᠴᠢ ᠠᠴᠠ ᠪᠦᠷᠢᠳᠦᠭᠰᠡᠨ ᠮᠣᠩ᠋ᠭᠤᠯ ᠤᠯᠤᠰ ᠤᠨ ᠵᠡᠪᠰᠡᠭᠲᠦ ᠬᠦᠴᠦᠨ ᠦ ᠪᠡᠶ᠎ᠡ ᠪᠦᠷᠢᠯᠳᠦᠬᠦᠨ ᠦ ᠵᠢᠭ᠌ᠰᠠᠭᠠᠯ ᠢ 032 ᠳ᠋ᠤᠭᠠᠷ ᠠᠩ᠋ᠭᠢ ᠢᠢᠨ ᠵᠠᠬᠢᠷᠤᠭᠴᠢ᠂ ᠳᠡᠳ᠋ ᠬᠤᠷᠠᠩᠳᠠ ᠡ᠊·ᠪᠢᠯᠢᠭ᠍ᠰᠠᠶᠢᠬᠠᠨ ᠠᠬᠠᠯᠠᠯᠠ᠃
ᠠᠯᠪᠠ ᠬᠠᠭᠠᠭᠴᠢᠳ ᠥᠩ᠋ᠭᠡᠷᠡᠭᠰᠡᠨ ᠰᠠᠷ᠎ᠠ ᠳᠤ ᠣᠷᠤᠰ ᠤᠨ ᠬᠣᠯᠪᠤᠭᠠᠨ ᠤ ᠤᠯᠤᠰ ᠤᠨ ᠪᠠᠲᠤᠯᠠᠨ ᠬᠠᠮᠠᠭᠠᠯᠠᠬᠤ ᠶᠠᠮᠤᠨ ᠤ ᠬᠠᠷᠢᠶ᠎ᠠ «ᠽᠸᠧᠨᠢᠭᠣᠷᠣᠳ᠋ᠰᠻᠢᠢ» ᠴᠡᠷᠢᠭ ᠦᠨ ᠠᠮᠠᠷᠠᠯᠲᠠ᠂ ᠰᠤᠪᠢᠯᠠᠯ ᠤᠨ ᠭᠠᠵᠠᠷ ᠻᠠᠽᠠᠻᠰᠲ᠋ᠠᠨ᠂ ᠲᠠᠵᠢᠻᠰᠲ᠋ᠠᠨ᠂ ᠲᠦᠷᠻᠮᠧᠨᠢᠰᠲ᠋ᠠᠨ ᠤᠯᠤᠰ ᠤᠨ ᠴᠡᠷᠢᠭ ᠦᠨ ᠪᠠᠭ ᠲᠠᠢ ᠬᠠᠮᠲᠤᠷᠠᠨ ᠪᠡᠯᠡᠳᠬᠡᠯ ᠢᠢᠡᠨ ᠬᠢᠵᠡᠶ᠃

ᠮᠣᠩ᠋ᠭᠤᠯ ᠤᠯᠤᠰ᠂ ᠮᠣᠩ᠋ᠭᠤᠯ ᠤᠨ ᠠᠷᠠᠳ ᠲᠦᠮᠡᠨ ᠳᠠᠢᠢᠨ ᠤ ᠡᠬᠢᠨ ᠦ ᠡᠳᠦᠷ ᠡᠴᠡ «ᠪᠦᠬᠦᠨ ᠢ ᠹᠷᠣᠨ᠋ᠲ ᠲᠤ᠂ ᠪᠦᠬᠦᠨ ᠢ ᠢᠯᠠᠯᠲᠠ ᠢᠢᠨ ᠲᠥᠯᠦᠭᠡ» ᠤᠷᠢᠶᠠᠨ ᠳᠣᠣᠷ᠎ᠠ ᠬᠦᠳᠡᠯᠮᠦᠷᠢᠯᠡᠵᠦ᠂ ᠵᠥᠪᠯᠡᠯᠲᠦ ᠬᠣᠯᠪᠤᠭᠠᠲᠤ ᠤᠯᠤᠰ᠂ ᠤᠯᠠᠭᠠᠨ ᠠᠷᠮᠢ ᠳᠤ «ᠬᠤᠪᠢᠰᠬᠠᠯᠲᠤ ᠮᠣᠩ᠋ᠭᠤᠯ» ᠲᠠᠩᠻ ᠤᠨ ᠴᠤᠪᠠᠭᠠ᠂ «ᠮᠣᠩ᠋ᠭᠤᠯ ᠠᠷᠠᠳ» ᠨᠢᠰᠬᠦ ᠬᠦᠴᠦᠨ ᠦ ᠧᠰᠻᠠᠳ᠋ᠷᠢᠯᠢ᠂ 500 ᠮᠢᠩ᠋ᠭᠠᠨ ᠠᠭᠲᠠ ᠮᠣᠷᠢᠨ ᠠᠴᠠ ᠭᠠᠳᠠᠨ᠎ᠠ ᠵᠢᠷᠭᠤᠭᠠᠨ ᠤᠳᠠᠭ᠎ᠠ ᠳᠤᠯᠠᠭᠠᠨ ᠬᠤᠪᠴᠠᠰᠤ᠂ ᠬᠣᠭᠤᠯᠠ ᠬᠦᠨᠡᠰᠦ᠂ ᠪᠦᠬᠦᠢ 740 ᠸᠠᠭᠣᠨ ᠲᠤᠰᠠᠯᠠᠮᠵᠢ ᠢᠢᠨ ᠪᠠᠷᠠᠭ᠎ᠠ ᠨᠡᠢᠢᠯᠡᠭᠦᠯᠵᠦ᠂ ᠢᠯᠠᠯᠲᠠ ᠳᠤ ᠥᠪᠡᠷ ᠦᠨ ᠬᠤᠪᠢ ᠨᠡᠮᠡᠷᠢ ᠪᠡᠨ ᠣᠷᠤᠭᠤᠯᠤᠭᠰᠠᠨ ᠶᠤᠮ᠃

