ᠠᠦ᠋ᠰᠲ᠋ᠷᠠᠯᠢᠶ ᠠ ᠢᠢᠨ ᠬᠣᠯᠪᠤᠭᠠᠨ ᠤ ᠤᠯᠤᠰ ᠠᠴᠠ ᠮᠣᠩ᠋ᠭᠤᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠯᠧᠣ᠋ ᠽᠧᠩ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠢᠲᠡᠭᠡᠮᠵᠢᠯᠠᠬᠦ ᠵᠢᠭᠤᠬᠤ ᠪᠢᠴᠢᠭ᠌ ᠢᠶᠡᠨ ᠡᠷᠭᠦᠨ ᠪᠠᠷᠢᠪᠠ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠡᠭᠦᠷᠭᠡᠲᠦ ᠠᠵᠢᠯ ᠳᠤ ᠪᠠᠨ ᠣᠷᠤᠵᠤ ᠪᠤᠢ ᠯᠧᠣ᠋ ᠽᠧᠩ ᠳ᠋ᠥ ᠪᠠᠶᠠᠷ ᠬᠦᠷᠭᠡᠵᠤ᠂ ᠠᠦ᠋ᠰᠲ᠋ᠷᠠᠯᠢᠶ ᠠ ᠨᠢ ᠮᠣᠩ᠋ᠭᠤᠯ ᠤᠯᠤᠰ ᠤᠨ ᠭᠤᠷᠪᠠᠳᠠᠭᠴᠢ ᠬᠥᠷᠰᠢ᠂ ᠡᠨᠡᠳᠬᠡᠭ᠌-ᠨᠣᠮᠤᠬᠠᠨ ᠳᠠᠯᠠᠢ ᠢᠢᠨ ᠪᠦᠰᠡ ᠨᠤᠲᠤᠭ ᠳ᠋ᠠᠬᠢ ᠴᠢᠬᠤᠯᠠ ᠲᠦᠩᠰᠢ ᠨᠦᠭᠦᠳ ᠦᠨ ᠨᠢᠭᠡ ᠭᠡᠵᠦ ᠦᠵᠡᠳᠡᠭ ᠢ ᠲᠡᠮᠳᠡᠭᠯᠡᠪᠡ᠃
ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠵᠦ᠂ ᠤᠯᠤᠰ ᠲᠥᠷᠦ ᠢᠢᠨ ᠶᠠᠷᠢᠶ᠎ᠠ ᠬᠡᠯᠡᠯᠴᠡᠭᠡ ᠢᠢ ᠲᠣᠭᠲᠠᠮᠠᠯᠵᠢᠭᠤᠯᠬᠤ᠂ ᠡᠳ᠋ ᠦᠨ ᠵᠠᠰᠠᠭ᠂ ᠬᠤᠳᠠᠯᠳᠤᠭ᠎ᠠ᠂ ᠬᠥᠷᠦᠩ᠋ᠭᠡ ᠣᠷᠤᠭᠤᠯᠤᠯᠲᠠ ᠢᠢᠨ ᠰᠠᠯᠪᠤᠷᠢ ᠳᠤ ᠬᠠᠮᠲᠤᠷᠠᠨ ᠠᠵᠢᠯᠯᠠᠬᠤ ᠢᠢᠨ ᠴᠢᠬᠤᠯᠠ ᠢᠢ ᠣᠨᠴᠠᠯᠠᠵᠤ᠂ ᠡᠯᠴᠢᠨ ᠰᠠᠢᠢᠳ ᠡᠨᠡ ᠴᠢᠭᠯᠡᠯ ᠢᠶᠡᠷ ᠢᠳᠡᠪᠬᠢ᠂ ᠵᠢᠳᠬᠦᠯ ᠲᠡᠢ ᠠᠵᠢᠯᠯᠠᠨ᠎ᠠ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠢᠯᠡᠷᠬᠡᠢᠢᠯᠡᠪᠡ᠃
ᠡᠯᠴᠢᠨ ᠰᠠᠢᠢᠳ ᠯᠧᠣ᠋ ᠽᠧᠩ ᠶᠡᠷᠦᠩᠬᠡᠢᠢᠯᠡᠭᠴᠢ ᠳᠥ ᠲᠠᠯᠠᠷᠬᠠᠯ ᠢᠯᠡᠷᠬᠡᠢᠢᠯᠡᠵᠦ᠂ «ᠦᠷᠭᠡᠳᠭᠡᠭ᠍ᠰᠡᠨ ᠲᠦᠩᠰᠢᠯᠡᠯ» ᠦᠨ ᠵᠠᠷᠴᠢᠮ ᠢᠶᠠᠷ ᠬᠥᠭ᠍ᠵᠢᠵᠦ ᠢᠷᠡᠭᠰᠡᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠱᠠᠲᠤ ᠠᠬᠢᠭᠤᠯᠬᠤ ᠵᠣᠷᠢᠯᠲᠠ ᠲᠠᠯᠪᠢᠵᠤ ᠪᠤᠢ ᠪᠠᠨ ᠣᠨᠴᠠᠯᠠᠯ᠎ᠠ᠃ ᠮᠣᠩ᠋ᠭᠤᠯ ᠤᠯᠤᠰ᠂ ᠠᠦ᠋ᠰᠲ᠋ᠷᠠᠯᠢᠶ ᠠ ᠢᠢᠨ ᠬᠣᠯᠪᠤᠭᠠᠨ ᠤ ᠤᠯᠤᠰ ᠬᠣᠭᠤᠷᠤᠨᠳᠤ 1972 ᠣᠨ ᠤ 09 ᠊ᠳ᠋ᠦᠭᠡᠷ ᠰᠠᠷ᠎ᠠ ᠢᠢᠨ 15 ᠤ ᠡᠳᠦᠷ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠶᠤᠮ᠃

