ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ «ᠲᠣᠭᠲᠠᠪᠤᠷᠢ ᠲᠠᠢ ᠪᠠᠢᠢᠳᠠᠯ ᠤᠨ ᠶᠠᠷᠢᠶ᠎ᠠ ᠬᠡᠯᠡᠯᠴᠡᠭᠡ 2025 – ᠠᠭᠤᠷ ᠠᠮᠢᠰᠬᠤᠯ ᠤᠨ ᠥᠭᠡᠷᠡᠴᠢᠯᠡᠯᠲᠡ: ᠲᠡᠷᠪᠤᠮ ᠮᠣᠳᠤ» ᠴᠢᠭᠤᠯᠭ᠎ᠠ ᠠᠭᠤᠯᠵᠠᠯᠲᠠ 2025 ᠣᠨ ᠤ 06 ᠳ᠋ᠤᠭᠠᠷ ᠰᠠᠷ᠎ᠠ ᠢᠢᠨ 05-07 ᠤ ᠡᠳᠦᠷ ᠦᠳ ᠲᠥ ᠲᠥᠷᠦ ᠢᠢᠨ ᠣᠷᠳᠤᠨ ᠳᠤ ᠪᠣᠯᠤᠨ᠎ᠠ᠃
ᠴᠢᠭᠤᠯᠭ᠎ᠠ ᠠᠭᠤᠯᠵᠠᠯᠲᠠ ᠨᠢ ᠮᠣᠩ᠋ᠭᠤᠯ ᠤᠯᠤᠰ ᠲᠤ ᠠᠭᠤᠷ ᠠᠮᠢᠰᠬᠤᠯ ᠤᠨ ᠴᠢᠭᠯᠡᠯ ᠢᠶᠡᠷ ᠬᠡᠷᠡᠭᠵᠢᠭᠦᠯᠵᠦ ᠪᠤᠢ ᠪᠣᠳᠤᠯᠭ᠎ᠠ᠂ ᠠᠷᠭ᠎ᠠ ᠬᠡᠮᠵᠢᠶᠡᠨ ᠦ ᠤᠶᠠᠯᠳᠤᠭ᠎ᠠ ᠢᠢ ᠬᠠᠩ᠋ᠭᠠᠬᠤ᠂ ᠬᠥᠷᠦᠩ᠋ᠭᠡ ᠣᠷᠤᠭᠤᠯᠤᠯᠲᠠ ᠲᠠᠲᠠᠬᠤ᠂ ᠣᠯᠠᠨ ᠲᠠᠯᠠᠲᠤ ᠣᠷᠣᠯᠴᠠᠭᠴᠢᠳ ᠤᠨ ᠳᠤᠮᠳᠠ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠬᠦ᠂ ᠰᠢᠨᠡᠯᠢᠭ ᠰᠠᠨᠠᠭᠠᠴᠢᠯᠠᠭ᠎ᠠ ᠢᠢ ᠳᠡᠮᠵᠢᠬᠦ ᠫᠯᠠᠲ᠋ᠹᠣᠷᠮ ᠪᠣᠯᠬᠤ ᠶᠤᠮ᠃
ᠮᠥᠨ ᠠᠭᠤᠷ ᠠᠮᠢᠰᠬᠤᠯ ᠤᠨ ᠥᠭᠡᠷᠡᠴᠢᠯᠡᠯᠲᠡ ᠲᠡᠢ ᠲᠡᠮᠡᠴᠡᠬᠦ ᠮᠣᠩ᠋ᠭᠤᠯ ᠤᠯᠤᠰ ᠤᠨ ᠪᠣᠳᠤᠯᠭ᠎ᠠ᠂ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠡᠷᠡᠭᠵᠢᠯᠲᠡ ᠢᠢ ᠡᠷᠴᠢᠮᠵᠢᠭᠦᠯᠬᠦ᠂ ᠲᠣᠭᠲᠠᠪᠤᠷᠢ ᠲᠠᠢ ᠬᠥᠭ᠍ᠵᠢᠯ ᠦᠨ ᠵᠣᠷᠢᠯᠲᠠ ᠨᠤᠭᠤᠳ ᠢ ᠬᠠᠩ᠋ᠭᠠᠬᠤ ᠳᠤ ᠴᠢᠭᠯᠡᠭᠰᠡᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ ᠵᠣᠷᠢᠯᠭ᠎ᠠ ᠲᠠᠢ᠃
ᠴᠢᠭᠤᠯᠭ᠎ᠠ ᠠᠭᠤᠯᠵᠠᠯᠲᠠ ᠢᠢᠨ ᠦᠶ᠎ᠡ ᠪᠡᠷ ᠲᠥᠷᠦ᠂ ᠬᠤᠪᠢ ᠢᠢᠨ ᠬᠡᠪᠰᠢᠯ᠂ ᠣᠯᠠᠨ ᠤᠯᠤᠰ ᠤᠨ ᠪᠠᠢᠢᠭᠤᠯᠤᠯᠭ᠎ᠠ᠂ ᠰᠤᠳᠤᠯᠭ᠎ᠠ ᠰᠢᠨᠵᠢᠯᠡᠭᠡᠨ ᠦ ᠪᠠᠢᠢᠭᠤᠯᠤᠯᠭ᠎ᠠ ᠨᠤᠭᠤᠳ ᠪᠣᠯᠤᠨ ᠣᠷᠤᠨ ᠨᠤᠲᠤᠭ ᠤᠨ ᠲᠥᠯᠦᠭᠡᠯᠡᠯ ᠡᠴᠡ ᠪᠦᠷᠢᠳᠦᠭᠰᠡᠨ ᠣᠷᠣᠯᠴᠠᠭᠴᠢᠳ:
- ᠮᠣᠩ᠋ᠭᠤᠯ ᠤᠯᠤᠰ ᠤᠨ ᠠᠭᠤᠷ ᠠᠮᠢᠰᠬᠤᠯ ᠤᠨ ᠪᠣᠳᠤᠯᠭ᠎ᠠ ᠪᠠ ᠰᠠᠯᠪᠤᠷᠢ ᠢᠢᠨ ᠤᠶᠠᠯᠳᠤᠭ᠎ᠠ
- «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠡᠷᠡᠭᠵᠢᠯᠲᠡ᠂ ᠲᠤᠷᠰᠢᠯᠭ᠎ᠠ᠂ ᠰᠤᠷᠭᠠᠮᠵᠢ
- ᠬᠦᠯᠡᠮᠵᠢ ᠢᠢᠨ ᠬᠡᠶ ᠢᠢᠨ ᠲᠣᠭᠠᠯᠠᠯᠭ᠎ᠠ᠂ ᠠᠭᠤᠷ ᠠᠮᠢᠰᠬᠤᠯ ᠤᠨ ᠰᠠᠩᠬᠦᠵᠢᠯᠲᠡ ᠢᠢᠨ ᠬᠥᠰᠢᠭᠦᠷᠭᠡ
- ᠪᠠᠢᠢᠭᠠᠯᠢ ᠳᠤ ᠰᠠᠭᠤᠷᠢᠯᠠᠭᠰᠠᠨ ᠰᠢᠢᠳᠦᠯ ᠦᠳ᠂ ᠣᠷᠤᠨ ᠨᠤᠲᠤᠭ ᠤᠨ ᠣᠷᠤᠯᠴᠠᠭ᠎ᠠ
- ᠲᠥᠷᠦ-ᠬᠤᠪᠢ ᠢᠢᠨ ᠬᠡᠪᠰᠢᠯ ᠦᠨ ᠲᠦᠩᠰᠢᠯᠡᠯ᠂ ᠣᠯᠠᠨ ᠤᠯᠤᠰ ᠤᠨ ᠬᠠᠮᠲᠤ ᠢᠢᠨ ᠠᠵᠢᠯᠯᠠᠭ᠎ᠠ ᠰᠡᠳᠦᠪ ᠢᠶᠡᠷ ᠬᠡᠯᠡᠯᠴᠡᠭᠦᠯᠭᠡ ᠥᠷᠨᠢᠭᠦᠯᠦᠨ᠎ᠡ᠃
ᠴᠢᠭᠤᠯᠭ᠎ᠠ ᠠᠭᠤᠯᠵᠠᠯᠲᠠ ᠢᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠪᠠᠢᠢᠭᠠᠯᠢ ᠣᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠶᠠᠮᠤ᠂ ᠭᠠᠳᠠᠭᠠᠳᠤ ᠬᠠᠷᠢᠯᠴᠠᠭᠠᠨ ᠤ ᠶᠠᠮᠤ᠂ ᠪᠦᠭᠦᠳᠡ ᠨᠠᠢᠢᠷᠠᠮᠳᠠᠬᠤ ᠰᠣᠯᠤᠩᠭ᠋ᠤᠰ ᠤᠯᠤᠰ ᠤᠨ ᠶᠡᠷᠦᠩᠬᠡᠶ ᠨᠠᠷᠢᠨ ᠪᠢᠴᠢᠭ᠌ ᠦᠨ ᠳᠠᠷᠤᠭ᠎ᠠ ᠠᠰᠠᠨ᠂ «ᠴᠢᠩᠬᠢᠰ ᠬᠠᠭᠠᠨ» ᠣᠳᠤᠨᠲᠤ ᠪᠠᠨ ᠭᠢ ᠮᠥᠨ ᠦ ᠡᠭᠦᠰᠬᠡᠨ ᠪᠠᠢᠢᠭᠤᠯᠤᠭᠰᠠᠨ «ᠢᠷᠡᠭᠡᠳᠦᠶ ᠢᠢᠨ ᠰᠠᠢᠢᠨ ᠰᠠᠢᠢᠬᠠᠨ ᠤ ᠲᠥᠯᠦᠭᠡ» ᠰᠠᠩ᠂ ᠠᠮᠧᠷᠢᠻᠠ ᠢᠢᠨ ᠨᠢᠭᠡᠳᠦᠭᠰᠡᠨ ᠤᠯᠤᠰ ᠤᠨ ᠰᠲ᠋ᠡᠨ᠋ᠹᠣᠷᠳ᠋ ᠤᠨ ᠶᠡᠬᠡ ᠰᠤᠷᠭᠠᠭᠤᠯᠢ ᠢᠢᠨ ᠸᠣᠯᠲ᠋ᠧᠷ ᠬ·ᠱᠣᠷᠧᠨ᠋ᠱᠲ᠋ᠧᠶᠢᠨ ᠦ «ᠠᠽᠢ-ᠨᠣᠮᠤᠬᠠᠨ ᠳᠠᠯᠠᠢ ᠢᠢᠨ ᠰᠤᠳᠤᠯᠭᠠᠨ ᠤ ᠲᠥᠪ»᠂ ᠮᠣᠩ᠋ᠭᠤᠯ ᠤᠨ ᠲᠣᠭᠲᠠᠪᠤᠷᠢ ᠲᠠᠢ ᠰᠠᠩᠬᠦᠵᠢᠯᠲᠡ ᠢᠢᠨ ᠬᠣᠯᠪᠤᠭ᠎ᠠ ᠬᠠᠮᠲᠤᠷᠠᠨ ᠵᠣᠬᠢᠶᠠᠨ ᠪᠠᠢᠢᠭᠤᠯᠤᠨ᠎ᠠ᠃
ᠮᠥᠨ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ᠂ ᠠᠽᠢ ᠢᠢᠨ ᠬᠥᠭ᠍ᠵᠢᠯ ᠦᠨ ᠪᠠᠩᠻᠢ᠂ «ᠣᠭ᠍ᠶᠤ ᠲᠣᠯᠤᠭᠠᠶ» ᠬᠢᠵᠠᠭᠠᠷᠯᠠᠭᠳᠠᠮᠠᠯ ᠬᠠᠷᠢᠭᠤᠴᠠᠯᠭᠠᠲᠠᠶ ᠻᠣᠮᠫᠠᠨᠢ ᠵᠡᠷᠭᠡ ᠪᠠᠢᠢᠭᠤᠯᠤᠯᠭ᠎ᠠ᠂ ᠬᠤᠪᠢ ᠢᠢᠨ ᠬᠡᠪᠰᠢᠯ᠂ ᠢᠷᠭᠡᠨ ᠦ ᠨᠡᠢᠢᠭᠡᠮ ᠦᠨ ᠪᠠᠢᠢᠭᠤᠯᠤᠯᠭ᠎ᠠ ᠨᠤᠭᠤᠳ ᠳᠡᠮᠵᠢᠨ ᠣᠷᠤᠯᠴᠠᠨ᠎ᠠ᠃