Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ «ᠳᠡᠯᠡᠬᠡᠶ ᠢᠢᠨ ᠠᠳᠤᠭᠤᠨ ᠤ ᠡᠳᠦᠷ ᠦᠨ ᠲᠤᠬᠠᠶ» ᠲᠣᠭᠲᠠᠭᠠᠯ ᠢ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠶ ᠠᠰᠰᠠᠮᠪᠯᠧᠢ ᠳᠡᠮᠵᠢᠨ ᠪᠠᠲᠤᠯᠠᠯ᠎ᠠ

ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠶ ᠠᠰᠰᠠᠮᠪᠯᠧᠢ ᠢᠢᠨ 79 ᠊ᠳ᠋ᠦᠭᠡᠷ ᠴᠢᠭᠤᠯᠭᠠᠨ ᠤ 2025 ᠣᠨ ᠤ 06 ᠳ᠋ᠤᠭᠠᠷ ᠰᠠᠷ᠎ᠠ ᠢᠢᠨ 03 ᠤ ᠡᠳᠦᠷ ᠦᠨ ᠪᠦᠭᠦᠳᠡ ᠬᠤᠷᠠᠯᠳᠤᠭᠠᠨ ᠢᠶᠠᠷ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠰᠠᠨᠠᠭᠠᠴᠢᠯᠠᠭᠰᠠᠨ «ᠳᠡᠯᠡᠬᠡᠶ ᠢᠢᠨ ᠠᠳᠤᠭᠤᠨ ᠤ ᠡᠳᠦᠷ ᠦᠨ ᠲᠤᠬᠠᠶ» (World Horse Day) ᠲᠣᠭᠲᠠᠭᠠᠯ ᠢ ᠬᠡᠯᠡᠯᠴᠡᠨ ᠪᠠᠲᠤᠯᠠᠯ᠎ᠠ᠃

ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠬᠦᠨᠡᠰᠦ᠂ ᠬᠥᠳᠡᠭᠡ ᠠᠵᠤ ᠠᠬᠤᠶ ᠢᠢᠨ ᠪᠠᠢᠢᠭᠤᠯᠤᠯᠭ᠎ᠠ ᠢᠢᠨ ᠮᠡᠳᠡᠭᠡᠯᠡᠯ ᠢᠶᠡᠷ ᠥᠨᠦᠳᠦᠷ ᠳᠡᠯᠡᠬᠡᠶ ᠳᠡᠭᠡᠷ᠎ᠡ 57 ᠰᠠᠶ᠎ᠠ ᠭᠠᠷᠤᠶ ᠤᠨᠤᠯᠭ᠎ᠠ᠂ ᠡᠳ᠋ᠯᠡᠭᠡᠨ ᠦ ᠠᠳᠤᠭᠤ ᠪᠠᠢᠢᠨ᠎ᠠ᠃ ᠡᠨᠡ ᠨᠢ ᠠᠳᠤᠭᠤ ᠬᠦᠮᠦᠨ ᠲᠥᠷᠦᠯᠬᠢᠲᠡᠨ ᠦ ᠡᠳᠦᠷ ᠲᠤᠲᠤᠮ ᠤᠨ ᠠᠮᠢᠳᠤᠷᠠᠯ᠂ ᠴᠢᠨᠠᠭᠰᠢᠯᠠᠪᠠᠯ ᠨᠡᠢᠢᠭᠡᠮ᠂ ᠡᠳ᠋ ᠦᠨ ᠵᠠᠰᠠᠭ᠂ ᠠᠵᠤ ᠠᠬᠤᠶ ᠳᠤ ᠴᠢᠬᠤᠯᠠ ᠠᠴᠢ ᠬᠣᠯᠪᠤᠭᠳᠠᠯ ᠲᠠᠢ ᠢᠢᠨ ᠢᠯᠡᠷᠡᠯ ᠶᠤᠮ᠃

ᠠᠳᠤᠭᠤ ᠢᠢ ᠤᠨᠤᠯᠭ᠎ᠠ᠂ ᠠᠴᠢᠯᠭ᠎ᠠ᠂ ᠰᠫᠣᠷᠲ ᠤᠷᠤᠯᠳᠤᠭᠠᠨ᠂ ᠠᠶᠠᠯᠠᠯ ᠵᠢᠭᠤᠯᠴᠢᠯᠠᠯ᠂ ᠠᠮᠠᠷᠠᠯᠲᠠ ᠵᠤᠭᠠᠯᠠᠭ᠎ᠠ ᠢᠢᠨ ᠵᠣᠷᠢᠭᠤᠯᠤᠯᠲᠠ ᠪᠠᠷ ᠡᠳ᠋ᠯᠠᠬᠦ ᠢᠢᠨ ᠵᠡᠷᠭᠡᠴᠡᠭᠡ ᠡᠷᠡᠭᠦᠯ ᠮᠡᠨᠳᠦ᠂ ᠬᠦᠨᠡᠰᠦᠨ ᠦ ᠦᠢᠯᠡᠳᠪᠦᠷᠢᠯᠡᠯ ᠵᠡᠷᠭᠡ ᠣᠯᠠᠨ ᠴᠢᠭᠯᠡᠯ ᠢᠶᠡᠷ ᠠᠰᠢᠭ ᠰᠢᠮ᠎ᠡ ᠢᠢ ᠨᠢ ᠬᠦᠷᠲᠡᠵᠦ ᠪᠠᠢᠢᠨ᠎ᠠ᠃ ᠢᠯᠠᠩ᠋ᠭᠤᠶ᠎ᠠ ᠥᠷᠭᠡᠨ ᠠᠭᠤᠳᠠᠮ ᠨᠤᠲᠤᠭ᠂ ᠪᠠᠢᠢᠭᠠᠯᠢ ᠴᠠᠭ ᠠᠭᠤᠷ ᠤᠨ ᠣᠨᠴᠤᠭᠤᠶ ᠨᠥᠬᠦᠴᠡᠯ ᠪᠦᠬᠦᠢ ᠭᠠᠵᠠᠷ ᠣᠷᠤᠨ ᠤ ᠬᠦᠮᠦᠨ ᠠᠷᠠᠳ ᠤᠨ ᠠᠮᠢᠳᠤᠷᠠᠯ ᠳᠤ ᠠᠳᠤᠭᠤ ᠢᠯᠡᠭᠦᠦ ᠴᠢᠬᠤᠯᠠ ᠡᠭᠦᠷᠭᠡ ᠲᠡᠢ ᠶᠤᠮ᠃

ᠬᠠᠷᠢᠨ ᠰᠡᠭᠦᠯ ᠦᠨ ᠵᠢᠯ ᠦᠳ ᠲᠥ ᠬᠦᠮᠦᠨ ᠦ ᠠᠮᠢᠳᠤᠷᠠᠯ ᠤᠨ ᠬᠡᠪ ᠮᠠᠶ᠋ᠢᠭ ᠤᠨ ᠥᠭᠡᠷᠡᠴᠢᠯᠡᠯᠲᠡ᠂ ᠲᠧᠭᠨᠣᠯᠤᠭᠢ ᠢᠢᠨ ᠳᠡᠪᠰᠢᠯ᠂ ᠡᠳ᠋ ᠦᠨ ᠵᠠᠰᠠᠭ ᠤᠨ ᠲᠥᠷᠥᠯᠵᠢᠯᠲᠡ᠂ ᠠᠭᠤᠷ ᠠᠮᠢᠰᠬᠤᠯ᠂ ᠬᠦᠷᠢᠶᠡᠯᠡᠩ ᠪᠤᠢ ᠣᠷᠴᠢᠨ ᠤ ᠥᠭᠡᠷᠡᠴᠢᠯᠡᠯᠲᠡ ᠪᠣᠯᠤᠨ ᠪᠤᠰᠤᠳ ᠬᠦᠴᠦᠨ ᠵᠦᠢᠯ ᠦᠨ ᠤᠯᠠᠮ ᠠᠴᠠ ᠳᠡᠯᠡᠬᠡᠶ ᠳᠠᠶᠠᠭᠠᠷ ᠠᠳᠤᠭᠤᠨ ᠤ ᠲᠣᠭ᠎ᠠ ᠲᠣᠯᠤᠭᠠᠶ᠂ ᠡᠭᠦᠯᠳᠡᠷ ᠤᠭᠰᠠᠭ᠎ᠠ᠂ ᠠᠵᠤ ᠠᠬᠤᠶ ᠢᠢᠨ ᠬᠡᠷᠡᠭᠯᠡᠭᠡ ᠪᠠᠭᠤᠷᠠᠬᠤ ᠬᠠᠨᠳᠤᠯᠭ᠎ᠠ ᠲᠠᠢ ᠪᠠᠢᠢᠨ᠎ᠠ᠃

ᠡᠢᠢᠮᠦ ᠳᠥ ᠡᠷᠲᠡ ᠳᠡᠭᠡᠷ᠎ᠡ ᠦᠶ᠎ᠡ ᠡᠴᠡ ᠡᠳᠦᠭᠡ ᠬᠦᠷᠲᠡᠯ᠎ᠡ ᠠᠳᠤᠭᠤᠨ ᠤ ᠰᠣᠶᠤᠯ᠂ ᠤᠯᠠᠮᠵᠢᠯᠠᠯ ᠢᠢᠠᠨ ᠬᠠᠳᠠᠭᠠᠯᠠᠭᠰᠠᠭᠠᠷ ᠢᠷᠡᠭᠰᠡᠨ ᠨᠡᠭᠦᠳᠡᠯᠴᠢᠨ᠂ ᠮᠣᠷᠢᠲᠠᠨ ᠤᠯᠤᠰ ᠤᠨ ᠬᠤᠪᠢ ᠳᠤ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠵᠦᠭ ᠡᠴᠡ ᠡᠨᠡ ᠠᠰᠠᠭᠤᠳᠠᠯ ᠳᠤ ᠳᠡᠯᠡᠬᠡᠶ ᠨᠡᠢᠢᠲᠡ ᠢᠢᠨ ᠠᠩᠬᠠᠷᠤᠯ ᠢ ᠬᠠᠨᠳᠤᠭᠤᠯᠬᠤ᠂ ᠠᠴᠢ ᠬᠣᠯᠪᠤᠭᠳᠠᠯ ᠪᠣᠯᠤᠨ ᠣᠯᠠᠨ ᠨᠡᠢᠢᠲᠡ ᠢᠢᠨ ᠮᠡᠳᠡᠯᠭᠡ᠂ ᠮᠡᠳᠡᠭᠡᠯᠡᠯ᠂ ᠣᠷᠤᠯᠴᠠᠭ᠎ᠠ ᠢᠢ ᠨᠡᠮᠡᠭᠳᠡᠭᠦᠯᠬᠦ ᠵᠣᠷᠢᠯᠭ᠎ᠠ ᠪᠠᠷ ᠵᠢᠯ ᠪᠦᠷᠢ ᠢᠢᠨ 07 ᠳ᠋ᠤᠭᠠᠷ ᠰᠠᠷ᠎ᠠ ᠢᠢᠨ 11 ᠤ ᠡᠳᠦᠷ ᠳᠡᠯᠡᠬᠡᠶ ᠢᠢᠨ ᠠᠳᠤᠭᠤᠨ ᠤ ᠡᠳᠦᠷ ᠢ ᠲᠡᠮᠳᠡᠭᠯᠡᠨ ᠥᠩ᠋ᠭᠡᠷᠡᠭᠦᠯᠵᠦ ᠪᠠᠢᠢᠬᠤ ᠲᠤᠬᠠᠶ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠶ ᠠᠰᠰᠠᠮᠪᠯᠧᠢ ᠢᠢᠨ ᠲᠣᠭᠲᠠᠭᠠᠯ ᠤᠨ ᠲᠥᠰᠦᠯ ᠢ ᠰᠠᠨᠠᠭᠠᠴᠢᠯᠠᠭᠰᠠᠨ ᠶᠤᠮ᠃

ᠮᠣᠩ᠋ᠭᠤᠯ ᠤᠯᠤᠰ ᠠᠴᠠ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠳᠡᠷᠭᠡᠳᠡ ᠰᠠᠭᠤᠭ᠎ᠠ ᠪᠠᠢᠢᠩ᠋ᠭᠤ ᠢᠢᠨ ᠲᠥᠯᠦᠭᠡᠯᠡᠭᠴᠢ ᠨ᠊·ᠠᠩᠬᠠᠪᠠᠶᠠᠷ ᠲᠣᠭᠲᠠᠭᠠᠯ ᠤᠨ ᠲᠥᠰᠦᠯ ᠢ ᠲᠠᠨᠢᠯᠴᠠᠭᠤᠯᠵᠤ ᠬᠡᠯᠡᠭᠰᠡᠨ ᠦᠭᠡᠨ ᠳᠥ ᠪᠡᠨ «ᠬᠦᠮᠦᠨ ᠲᠥᠷᠦᠯᠬᠢᠲᠡᠨ ᠦ ᠥᠩ᠋ᠭᠡᠷᠡᠭᠰᠡᠨ᠂ ᠥᠨᠦ ᠢᠢᠨ ᠠᠬᠤᠶ ᠠᠮᠢᠳᠤᠷᠠᠯ ᠳᠤ ᠠᠳᠤᠭᠤᠨ ᠤ ᠭᠦᠢᠴᠡᠳᠬᠡᠵᠦ ᠪᠤᠢ ᠠᠰᠤᠷ ᠶᠡᠬᠡ ᠡᠭᠦᠷᠭᠡ᠂ ᠬᠤᠪᠢ ᠨᠡᠮᠡᠷᠢ ᠢᠢ ᠲᠣᠳᠣᠳᠬᠠᠨ ᠲᠡᠮᠳᠡᠭᠯᠡᠬᠦ᠂ ᠬᠥᠳᠡᠭᠡ ᠠᠵᠤ ᠠᠬᠤᠶ ᠢᠢᠨ ᠲᠣᠭᠲᠠᠪᠤᠷᠢ ᠲᠠᠢ ᠬᠥᠭ᠍ᠵᠢᠯ ᠳ᠋ᠡᠬᠢ ᠠᠳᠤᠭᠤ᠂ ᠠᠳᠤᠭᠤᠨ ᠤ ᠠᠵᠤ ᠠᠬᠤᠶ ᠢᠢᠨ ᠠᠴᠢ ᠬᠣᠯᠪᠤᠭᠳᠠᠯ ᠢ ᠨᠡᠮᠡᠭᠳᠡᠭᠦᠯᠬᠦ ᠲᠣᠳᠤᠷᠬᠠᠶ ᠦᠢᠯᠡ ᠠᠵᠢᠯᠯᠠᠭ᠎ᠠ ᠨᠤᠭᠤᠳ ᠢ ᠳᠡᠮᠵᠢᠬᠦ᠂ ᠠᠳᠤᠭᠤᠨ ᠤ ᠥᠪ ᠰᠣᠶᠤᠯ ᠪᠣᠯᠤᠨ ᠪᠡᠯᠴᠢᠭᠡᠷ᠂ ᠨᠡᠭᠦᠳᠡᠯ ᠦᠨ ᠠᠵᠤ ᠠᠬᠤᠶ ᠢᠢᠨ ᠬᠡᠪ ᠮᠠᠶ᠋ᠢᠭ ᠢ ᠬᠠᠮᠠᠭᠠᠯᠠᠵᠤ᠂ ᠬᠠᠳᠠᠭᠠᠯᠠᠬᠤ ᠢᠢ ᠤᠷᠢᠶᠠᠯᠠᠬᠤ ᠶᠡᠨᠳᠡᠷ ᠢ ᠪᠤᠢ ᠪᠣᠯᠭᠠᠬᠤ ᠳᠤ ᠳᠡᠯᠡᠬᠡᠶ ᠢᠢᠨ ᠠᠳᠤᠭᠤᠨ ᠤ ᠡᠳᠦᠷ ᠦᠨ ᠠᠴᠢ ᠬᠣᠯᠪᠤᠭᠳᠠᠯ ᠣᠷᠤᠰᠢᠬᠤ ᠪᠣᠯᠤᠨ᠎ᠠ» ᠬᠡᠮᠡᠨ ᠣᠨᠴᠠᠯᠠᠪᠠ᠃

ᠮᠣᠩ᠋ᠭᠤᠯ ᠤᠯᠤᠰ ᠤᠨ ᠰᠠᠨᠠᠭᠠᠴᠢᠯᠠᠭᠰᠠᠨ «ᠳᠡᠯᠡᠬᠡᠶ ᠢᠢᠨ ᠠᠳᠤᠭᠤᠨ ᠤ ᠡᠳᠦᠷ ᠦᠨ ᠲᠤᠬᠠᠶ» ᠲᠣᠭᠲᠠᠭᠠᠯ ᠳᠤ ᠪᠦᠭᠦᠳᠡ ᠨᠠᠢᠢᠷᠠᠮᠳᠠᠬᠤ ᠠᠦ᠋ᠰᠲ᠋ᠷᠢᠶ᠎ᠠ ᠤᠯᠤᠰ᠂ ᠪᠠᠾᠷᠡᠢᠢᠨ ᠤ ᠬᠠᠭᠠᠨᠲᠤ ᠤᠯᠤᠰ᠂ ᠬᠣᠯᠪᠤᠭᠠᠨ ᠤ ᠪᠦᠭᠦᠳᠡ ᠨᠠᠢᠢᠷᠠᠮᠳᠠᠬᠤ ᠪᠷᠠᠽᠢᠯ ᠤᠯᠤᠰ᠂ ᠪᠦᠭᠦᠳᠡ ᠨᠠᠢᠢᠷᠠᠮᠳᠠᠬᠤ ᠰᠣᠯᠤᠩ᠋ᠭᠤᠰ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ᠂ ᠪᠣᠯᠢᠸᠠᠷ ᠤᠨ ᠪᠦᠭᠦᠳᠡ ᠨᠠᠢᠢᠷᠠᠮᠳᠠᠬᠤ ᠸᠧᠨᠧᠽᠦ᠋ᠧᠯᠠ ᠤᠯᠤᠰ᠂ ᠻᠠᠲ᠋ᠠᠷ ᠤᠯᠤᠰ᠂ ᠯᠧᠰᠣᠲ᠋ᠾᠣ᠋ ᠢᠢᠨ ᠬᠠᠭᠠᠨᠲᠤ ᠤᠯᠤᠰ᠂ ᠮᠠᠷᠣᠻᠻᠣ ᠢᠢᠨ ᠬᠠᠭᠠᠨᠲᠤ ᠤᠯᠤᠰ᠂ ᠣᠷᠤᠰ ᠤᠨ ᠬᠣᠯᠪᠤᠭᠠᠨ ᠤ ᠤᠯᠤᠰ᠂ ᠪᠦᠭᠦᠳᠡ ᠨᠠᠢᠢᠷᠠᠮᠳᠠᠬᠤ ᠫᠣᠷᠲ᠋ᠦ᠋ᠭᠠᠯ ᠤᠯᠤᠰ᠂ ᠬᠣᠯᠪᠤᠭᠠᠨ ᠤ ᠪᠦᠭᠦᠳᠡ ᠨᠠᠢᠢᠷᠠᠮᠳᠠᠬᠤ ᠭᠧᠷᠮᠠᠨ ᠤᠯᠤᠰ᠂ ᠲ᠋ᠠᠢᠢᠯᠠᠨ᠋ᠳ᠋ ᠤᠨ ᠬᠠᠭᠠᠨᠲᠤ ᠤᠯᠤᠰ᠂ ᠪᠦᠭᠦᠳᠡ ᠨᠠᠢᠢᠷᠠᠮᠳᠠᠬᠤ ᠲᠦᠷᠻ ᠤᠯᠤᠰ᠂ ᠶᠠᠫᠣᠨ ᠤᠯᠤᠰ᠂ ᠪᠦᠭᠦᠳᠡ ᠨᠠᠢᠢᠷᠠᠮᠳᠠᠬᠤ ᠻᠢᠷᠭᠢᠰ ᠤᠯᠤᠰ᠂ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ᠂ ᠲᠦᠷᠻᠮᠧᠨᠢᠰᠲ᠋ᠠᠨ ᠤᠯᠤᠰ᠂ ᠪᠦᠭᠦᠳᠡ ᠨᠠᠢᠢᠷᠠᠮᠳᠠᠬᠤ ᠦᠽᠪᠧᠻᠢᠰᠲ᠋ᠠᠨ ᠤᠯᠤᠰ᠂ ᠪᠦᠭᠦᠳᠡ ᠨᠠᠢᠢᠷᠠᠮᠳᠠᠬᠤ ᠲ᠋ᠠᠵᠢᠻᠢᠰᠲ᠋ᠠᠨ ᠤᠯᠤᠰ ᠵᠡᠷᠭᠡ 56 ᠤᠯᠤᠰ ᠬᠠᠮᠲᠤᠷᠠᠨ ᠵᠣᠬᠢᠶᠠᠭᠴᠢ ᠪᠠᠷ ᠨᠢᠭᠡᠳᠦᠯ᠎ᠡ᠃

ᠲᠣᠭᠲᠠᠭᠠᠯ ᠤᠨ ᠳᠠᠭᠠᠭᠤ ᠳᠡᠯᠡᠬᠡᠶ ᠢᠢᠨ ᠠᠳᠤᠭᠤᠨ ᠤ ᠡᠳᠦᠷ ᠢ 2025 ᠣᠨ ᠤ 07 ᠳ᠋ᠤᠭᠠᠷ ᠰᠠᠷ᠎ᠠ ᠢᠢᠨ 11 ᠤ ᠡᠳᠦᠷ ᠳᠡᠯᠡᠬᠡᠶ ᠨᠡᠢᠢᠲᠡ ᠪᠡᠷ ᠠᠩᠬ᠎ᠠ ᠤᠳᠠᠭ᠎ᠠ ᠲᠡᠮᠳᠡᠭᠯᠡᠨ ᠥᠩ᠋ᠭᠡᠷᠡᠭᠦᠯᠦᠨ᠎ᠡ᠃