Та "Internet explorer"-ийн сүүлийн хувилбар болох "Microsoft edge"-г ашиглана уу

Хэрэв "Microsoft edge"-г татах бол энд дарж татаж авна уу

ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠴᠡᠩ᠋ᠭᠡᠭᠦᠯᠬᠦ ᠲᠠᠢᠢᠯᠭ᠎ᠠ ᠢᠢᠨ ᠶᠣᠰᠤᠯᠠᠯ ᠪᠣᠯᠤᠯ᠎ᠠ

ᠪᠢᠯᠢᠭ᠌ ᠦᠨ ᠲᠣᠭᠠᠯᠠᠯ ᠤᠨ XVII ᠵᠢᠷᠠᠨ ᠤ «ᠡᠯᠳᠡᠪ ᠡᠷᠳᠡᠨᠢᠲᠦ» ᠬᠡᠮᠡᠬᠦ ᠮᠣᠳᠤᠨ ᠮᠣᠭᠠᠶ ᠵᠢᠯ ᠦᠨ ᠵᠤᠨ ᠤ ᠲᠡᠷᠢᠭᠦᠨ ᠰᠠᠷ᠎ᠠ ᠢᠢᠨ ᠴᠠᠭᠠᠭᠴᠢᠨ ᠮᠣᠭᠠᠶ ᠰᠠᠷ᠎ᠠ ᠢᠢᠨ ᠰᠢᠨ᠎ᠡ ᠢᠢᠨ 09 ᠦ ᠭᠤᠷᠪᠠᠨ ᠬᠥᠬᠡ ᠮᠡᠩ᠋ᠭᠡ ᠲᠡᠢ ᠬᠥᠬᠡ ᠯᠤᠤ ᠡᠳᠦᠷ ᠦᠨ ᠮᠣᠷᠢᠨ ᠴᠠᠭ ᠲᠤ (2025·06·04) ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠴᠡᠩ᠋ᠭᠡᠭᠦᠯᠬᠦ ᠲᠠᠢᠢᠯᠭ᠎ᠠ ᠢᠢᠨ ᠶᠣᠰᠤᠯᠠᠯ ᠲᠥᠪ ᠠᠢᠢᠮᠠᠭ ᠤᠨ ᠡᠷᠳᠡᠨᠢ ᠰᠤᠮᠤ ᠢᠢᠨ ᠨᠤᠲᠤᠭ ᠳ᠋ᠠᠬᠢ ᠠᠭᠤᠢᠢᠳᠤ ᠠᠭᠤᠯᠠ ᠳᠤ ᠪᠣᠯᠤᠯ᠎ᠠ᠃

ᠶᠣᠰᠤᠯᠠᠯ ᠳᠤ ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤᠬᠤᠨ᠎ᠠ ᠢᠢᠨ ᠬᠦᠷᠡᠯᠰᠦ᠋ᠬᠡ ᠪᠣᠯᠤᠨ ᠪᠠᠲᠤᠯᠠᠨ ᠬᠠᠮᠠᠭᠠᠯᠠᠬᠤ ᠢᠢᠨ ᠰᠠᠢᠢᠳ ᠰᠠ᠊·ᠪᠢᠮᠪᠠᠴᠣᠭᠲᠤ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ᠂ ᠬᠣᠰᠢᠭᠤᠴᠢ ᠭᠧᠨᠧᠷᠠᠯ ᠰᠦ᠊·ᠭᠠᠩᠪᠢᠮᠪᠠ ᠲᠡᠷᠢᠭᠦᠲᠡᠢ ᠪᠠᠲᠤᠯᠠᠨ ᠬᠠᠮᠠᠭᠠᠯᠠᠬᠤ ᠶᠠᠮᠤ᠂ ᠵᠡᠪᠰᠡᠭᠲᠦ ᠬᠦᠴᠦᠨ ᠦ ᠵᠠᠩᠵᠤᠨ ᠱᠲ᠋ᠠᠪ᠂ ᠲᠥᠷᠦᠯ ᠦᠨ ᠴᠡᠷᠢᠭ ᠦᠨ ᠻᠣᠮᠠᠨ᠋ᠳ᠋᠋ᠯᠠᠯ᠂ ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ᠂ ᠵᠡᠪᠰᠡᠭᠲᠦ ᠬᠦᠴᠦᠨ ᠦ ᠨᠢᠭᠡᠳᠬᠡᠯ᠂ ᠠᠩ᠋ᠭᠢ᠂ ᠪᠠᠢᠢᠭᠤᠯᠤᠯᠭ᠎ᠠ ᠨᠤᠭᠤᠳ ᠤᠨ ᠤᠳᠤᠷᠢᠳᠤᠯᠭ᠎ᠠ ᠨᠤᠭᠤᠳ ᠣᠷᠤᠯᠴᠠᠯ᠎ᠠ᠃

ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤ·ᠬᠦᠷᠡᠯᠰᠦ᠋ᠬᠡ ᠪᠣᠯᠤᠨ ᠪᠠᠲᠤᠯᠠᠨ ᠬᠠᠮᠠᠭᠠᠯᠠᠬᠤ ᠢᠢᠨ ᠰᠠᠢᠢᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ ᠨᠠᠷ ᠶᠡᠬᠡ ᠬᠠᠷ᠎ᠠ ᠰᠦᠯᠳᠡ ᠢᠢ ᠠᠭᠤᠢᠢᠳᠤ ᠠᠭᠤᠯᠠ ᠢᠢᠨ ᠣᠷᠭᠢᠯ ᠳᠤ᠂ ᠡᠮᠦᠨ᠎ᠡ᠂ ᠳᠣᠷᠤᠨ᠎ᠠ᠂ ᠥᠷᠦᠨ᠎ᠡ᠂ ᠤᠮᠠᠷ᠎ᠠ ᠢᠢᠨ ᠡᠯᠴᠢ ᠰᠦᠯᠳᠡ ᠢᠢᠨ ᠬᠠᠮᠲᠤ ᠲᠤᠰᠬᠠᠢᠢᠯᠠᠨ ᠵᠠᠰᠠᠭᠰᠠᠨ ᠰᠠᠭᠤᠳᠠᠯ ᠳᠤ ᠪᠠᠢᠢᠷᠢᠯᠠᠭᠤᠯᠵᠤ᠂ ᠴᠡᠩ᠋ᠭᠡᠭᠦᠯᠦᠨ ᠲᠠᠢᠢᠬᠤ ᠶᠣᠰᠤᠯᠠᠯ ᠦᠢᠯᠡᠳᠪᠡ᠃

ᠲᠠᠢᠢᠯᠭ᠎ᠠ ᠢᠢᠨ ᠶᠣᠰᠤᠯᠠᠯ ᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ 2017 ᠣᠨ ᠤ ᠲᠠᠪᠤᠳ᠋ᠤᠭᠠᠷ ᠰᠠᠷ᠎ᠠ ᠢᠢᠨ 29 ᠦ ᠡᠳᠦᠷ ᠦᠨ 126 ᠳ᠋ᠤᠭᠠᠷ ᠵᠠᠷᠯᠢᠭ ᠤᠨ ᠬᠠᠪᠰᠤᠷᠤᠯᠲᠠ ᠪᠠᠷ ᠪᠠᠲᠤᠯᠠᠭᠳᠠᠭᠰᠠᠨ ᠲᠤᠰᠬᠠᠶ ᠵᠢᠷᠤᠮ ᠤᠨ ᠳᠠᠭᠠᠭᠤ ᠲᠥᠷᠦ ᠢᠢᠨ ᠬᠣᠨᠵᠢᠨ ᠤᠳᠤᠷᠢᠳᠤᠨ ᠭᠦᠢᠴᠡᠳᠬᠡᠯ ᠡ᠃

ᠪᠦᠬᠦ ᠴᠡᠷᠢᠭ ᠦᠨ ᠶᠡᠬᠡ ᠬᠠᠷ᠎ᠠ ᠰᠦᠯᠳᠡ ᠨᠢ ᠮᠣᠩ᠋ᠭᠤᠯ ᠤᠯᠤᠰ ᠤᠨ ᠲᠥᠷᠦ᠂ ᠴᠡᠷᠢᠭ ᠦᠨ ᠰᠦᠷ ᠬᠦᠴᠦᠨ ᠦ ᠪᠡᠯᠭᠡᠳᠡᠯ᠂ ᠰᠦᠰᠦᠯᠦᠨ ᠳᠡᠭᠡᠳᠦᠯᠡᠬᠦ ᠣᠷᠤᠶ ᠢᠢᠨ ᠳᠡᠭᠡᠳᠦ ᠰᠢᠲᠦᠭᠡᠨ ᠪᠥᠭᠡᠳ ᠲᠠᠢᠢᠯᠭ᠎ᠠ ᠨᠢ ᠴᠡᠷᠢᠭ ᠡᠷᠡᠰ ᠦᠨ ᠢᠶᠡᠨ ᠡᠷᠳᠡᠮ ᠴᠢᠳᠠᠯ᠂ ᠢᠳᠡ ᠬᠠᠪᠤ ᠢᠢ ᠢᠯᠡᠳᠬᠡᠨ ᠬᠠᠷᠠᠭᠤᠯᠵᠤ ᠪᠤᠢ ᠬᠦᠨᠳᠦᠳᠬᠡᠯ ᠶᠤᠮ᠃

ᠪᠦᠬᠦ ᠴᠡᠷᠢᠭ ᠦᠨ ᠬᠠᠷ᠎ᠠ ᠰᠦᠯᠳᠡ ᠢᠢ ᠴᠡᠩ᠋ᠭᠡᠭᠦᠯᠬᠦ ᠲᠠᠢᠢᠯᠭ᠎ᠠ᠂ ᠴᠠᠭᠠᠯᠠᠬᠤ ᠲᠠᠢᠢᠯᠭ᠎ᠠ ᠭᠡᠵᠦ ᠪᠠᠢᠢᠳᠠᠭ᠃ ᠴᠡᠩ᠋ᠭᠡᠭᠦᠯᠬᠦ ᠲᠠᠢᠢᠯᠭ᠎ᠠ ᠢᠢ ᠬᠣᠶᠠᠷ ᠵᠢᠯ ᠳᠥ ᠨᠢᠭᠡ ᠤᠳᠠᠭ᠎ᠠ᠂ ᠴᠠᠭᠠᠯᠠᠬᠤ ᠲᠠᠢᠢᠯᠭ᠎ᠠ ᠢᠢ ᠵᠢᠯ ᠳᠥ ᠨᠢᠭᠡ ᠤᠳᠠᠭ᠎ᠠ ᠬᠢᠳᠡᠭ᠃

ᠲᠥᠪ ᠠᠢᠢᠮᠠᠭ ᠤᠨ ᠡᠷᠳᠡᠨᠢ ᠰᠤᠮᠤ ᠢᠢᠨ ᠨᠤᠲᠤᠭ ᠲᠤ ᠣᠷᠤᠰᠢᠬᠤ ᠠᠭᠤᠢᠢᠳᠤ ᠠᠭᠤᠯᠠ ᠨᠢ ᠪᠠᠶᠠᠨᠵᠢᠷᠦᠬᠡ ᠬᠠᠢᠢᠷᠬᠠᠨ ᠤ ᠰᠠᠯᠪᠤᠷᠢ ᠪᠥᠭᠡᠳ ᠴᠢᠩᠬᠢᠰ ᠬᠠᠭᠠᠨ ᠤ ᠲᠦᠮᠡᠨ ᠬᠡᠰᠢᠭᠲᠡᠨ ᠴᠡᠷᠢᠭ ᠦᠳ ᠪᠠᠢᠢᠷᠢᠯᠠᠵᠤ ᠪᠠᠢᠢᠭᠰᠠᠨ᠂ ᠶᠡᠬᠡ ᠬᠠᠭᠠᠨ ᠤ ᠲᠠᠰᠢᠭᠤᠷ ᠣᠯᠠᠳᠠᠭᠰᠠᠨ ᠭᠠᠵᠠᠷ ᠭᠡᠵᠦ ᠲᠡᠦᠬᠡᠨ ᠳᠥ ᠲᠡᠮᠳᠡᠭᠯᠡᠭᠳᠡᠭᠰᠡᠨ ᠭᠠᠵᠠᠷ ᠶᠤᠮ᠃