Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ᠂ ᠬᠦᠷᠡᠯᠰᠦ᠋ᠬᠡ ᠬᠠᠪᠤᠳᠠᠷ ᠰᠤᠳᠤᠯᠤᠯ ᠤᠨ ᠦᠨᠳᠦᠰᠦᠨ ᠦ ᠬᠣᠶᠠᠳ᠋ᠤᠭᠠᠷ ᠲᠥᠪ ᠪᠠᠷᠢᠬᠤ ᠭᠠᠵᠠᠷ ᠲᠤ ᠠᠵᠢᠯᠯᠠᠯ᠎ᠠ

ᠬᠠᠪᠤᠳᠠᠷ ᠤᠨ ᠤᠷᠢᠳᠴᠢᠯᠠᠨ ᠰᠡᠷᠭᠡᠢᠢᠯᠡᠯᠲᠡ᠂ ᠣᠨᠤᠰᠢᠯᠠᠭ᠎ᠠ᠂ ᠡᠮᠴᠢᠯᠡᠭᠡ᠂ ᠡᠷᠳᠡᠮ ᠰᠢᠨᠵᠢᠯᠡᠭᠡ ᠰᠤᠷᠭᠠᠯᠲᠠ ᠢᠢᠨ ᠴᠣᠭᠴᠠᠯᠠᠪᠤᠷᠢ ᠪᠦᠬᠦᠢ ᠬᠣᠶᠠᠳ᠋ᠤᠭᠠᠷ ᠲᠥᠪ ᠢ ᠰᠣᠩᠬᠢᠨᠠᠬᠠᠢᠢᠷᠬᠠᠨ ᠳᠡᠭᠦᠷᠭᠡ ᠢᠢᠨ 34 ᠊ᠳ᠋ᠦᠭᠡᠷ ᠬᠣᠷᠢᠢ᠎ᠠ᠂ ᠪᠠᠶᠠᠩᠭ᠋ᠣᠣᠯ ᠤᠨ ᠠᠮᠠ ᠳᠤ 2-3 ᠵᠢᠯ ᠦᠨ ᠳᠣᠲᠤᠷ᠎ᠠ ᠠᠰᠢᠭᠯᠠᠯᠲᠠ ᠳᠤ ᠣᠷᠤᠭᠤᠯᠬᠤ ᠪᠠᠷ ᠲᠥᠯᠦᠪᠯᠡᠵᠦ ᠪᠠᠢᠢᠨ᠎ᠠ᠃

ᠨᠡᠢᠢᠲᠡ 15 ᠭᠠᠵᠠᠷ ᠲᠤ᠂ 95 ᠮᠢᠩ᠋ᠭᠠᠨ ᠮᠧ᠊᠂ ᠻᠸ᠊᠂ ᠲᠠᠯᠠᠪᠠᠢ ᠪᠦᠬᠦᠢ ᠡᠨᠡ ᠲᠥᠪ ᠦᠨ ᠳᠡᠳ᠋ ᠪᠦᠲᠦᠴᠡ ᠢᠢ ᠪᠠᠷᠢᠬᠤ ᠳᠤ ᠱᠠᠭᠠᠷᠳᠠᠭᠳᠠᠬᠤ ᠬᠥᠷᠦᠩ᠋ᠭᠡ ᠢᠢ ᠡᠨᠡ ᠣᠨ ᠤ ᠤᠯᠤᠰ ᠤᠨ ᠲᠥᠰᠦᠪ ᠲᠥ ᠲᠤᠰᠬᠠᠭᠰᠠᠨ᠃ ᠮᠥᠨ ᠲᠥᠪ ᠲᠥ ᠠᠵᠢᠯᠯᠠᠬᠤ 1.500 ᠡᠮᠴᠢ᠂ ᠠᠵᠢᠯᠯᠠᠭᠰᠠᠳ ᠢ ᠢᠷᠡᠬᠦ ᠰᠠᠷ᠎ᠠ ᠠᠴᠠ ᠠᠮᠧᠷᠢᠻᠠ ᠢᠢᠨ ᠨᠢᠭᠡᠳᠦᠭᠰᠡᠨ ᠤᠯᠤᠰ ᠤᠨ ᠶᠦᠲ᠋ᠠ ᠢᠢᠨ ᠶᠡᠬᠡ ᠰᠤᠷᠭᠠᠭᠤᠯᠢ ᠲᠠᠢ ᠬᠠᠮᠲᠤᠷᠠᠨ ᠰᠤᠷᠭᠠᠵᠤ ᠡᠬᠢᠯᠡᠬᠦ ᠶᠤᠮ᠃

ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠠᠪᠤᠳᠠᠷ ᠤᠨ ᠡᠪᠡᠳᠴᠢᠯᠡᠯ ᠡᠴᠡ ᠤᠷᠢᠳᠴᠢᠯᠠᠨ ᠰᠡᠷᠭᠡᠢᠢᠯᠡᠬᠦ᠂ ᠨᠠᠰᠤ ᠪᠠᠷᠠᠯᠲᠠ ᠢᠢ ᠪᠠᠭᠤᠷᠠᠭᠤᠯᠬᠤ ᠳᠤ ᠴᠢᠬᠤᠯᠠ ᠬᠤᠪᠢ ᠨᠡᠮᠡᠷᠢ ᠣᠷᠤᠭᠤᠯᠬᠤ ᠡᠨᠡ ᠲᠥᠪ ᠢ ᠠᠯᠢ ᠪᠣᠯᠬᠤ ᠪᠣᠭᠤᠨᠢ ᠬᠤᠭᠤᠴᠠᠭᠠᠨ ᠳᠤ ᠪᠠᠷᠢᠵᠤ᠂ ᠠᠰᠢᠭᠯᠠᠯᠲᠠ ᠳᠤ ᠣᠷᠤᠭᠤᠯᠬᠤ ᠢᠢᠨ ᠲᠥᠯᠦᠭᠡ ᠬᠢᠴᠢᠢᠡᠵᠦ ᠠᠵᠢᠯᠯᠠᠬᠤ ᠢᠢ ᠵᠠᠬᠢᠯ᠎ᠠ᠃

ᠶᠡᠷᠦᠩᠬᠡᠢᠢᠯᠡᠭᠴᠢ ᠡᠮᠦᠨ᠎ᠡ ᠨᠢ ᠵᠠᠬᠢᠷᠤᠮᠵᠢ ᠭᠠᠷᠭᠠᠨ᠂ ᠬᠠᠪᠤᠳᠠᠷ ᠰᠤᠳᠤᠯᠤᠯ ᠤᠨ ᠦᠨᠳᠦᠰᠦᠨ ᠦ ᠬᠣᠶᠠᠳ᠋ᠤᠭᠠᠷ ᠲᠥᠪ ᠢ ᠪᠠᠷᠢᠬᠤ ᠳᠤ ᠳᠡᠮᠵᠢᠯᠭᠡ ᠦᠵᠡᠭᠦᠯᠬᠦ ᠠᠵᠢᠯ ᠤᠨ ᠬᠡᠰᠡᠭ ᠪᠠᠢᠢᠭᠤᠯᠤᠭᠰᠠᠨ᠃

ᠶᠡᠷᠦᠩᠬᠡᠢᠢᠯᠡᠭᠴᠢ ᠢᠢᠨ ᠠᠬᠠᠯᠠᠬᠤ ᠵᠥᠪᠯᠡᠬᠦ ᠨ᠂ ᠬᠦᠷᠡᠯᠪᠠᠭᠠᠲᠤᠷ ᠲᠡᠷᠢᠭᠦᠲᠡᠢ ᠠᠵᠢᠯ ᠤᠨ ᠬᠡᠰᠡᠭ ᠲᠥ ᠰᠠᠩ ᠤᠨ ᠰᠠᠢᠢᠳ ᠪ᠊᠂ ᠵᠢᠪᠬᠤᠯᠠᠩ᠂ ᠡᠷᠡᠭᠦᠯ ᠮᠡᠨᠳᠦ ᠢᠢᠨ ᠰᠠᠢᠢᠳ ᠲ᠋᠂ ᠮᠥᠩᠬᠡᠰᠠᠢᠢᠬᠠᠨ᠂ ᠤᠯᠤᠰ ᠤᠨ ᠶᠡᠬᠡ ᠬᠤᠷᠠᠯ ᠤᠨ ᠭᠡᠰᠢᠭᠦᠨ ᠵ᠂ ᠴᠢᠩᠪᠦ᠋ᠷᠢᠨ᠂ ᠨ᠂ ᠠᠯᠲᠠᠨᠱᠠᠭ᠎ᠠ᠂ ᠯ᠊᠂ ᠮᠥᠩᠬᠡᠪᠠᠶᠠᠰᠬᠤᠯᠠᠩ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠡᠳ᠋ ᠳᠠᠷᠤᠭ᠎ᠠ ᠤ᠂ ᠪᠢᠮᠪᠠᠰᠦ᠋ᠷᠦᠩ᠂ ᠡᠳ᠋ ᠦᠨ ᠵᠠᠰᠠᠭ᠂ ᠬᠥᠭ᠍ᠵᠢᠯ ᠦᠨ ᠶᠠᠮᠤᠨ ᠤ ᠲᠥᠷᠦ ᠢᠢᠨ ᠨᠠᠷᠢᠨ ᠪᠢᠴᠢᠭ᠌ ᠦᠨ ᠳᠠᠷᠤᠭ᠎ᠠ ᠢ᠊᠂ ᠪᠠᠲᠤᠬᠦ᠋ᠦ᠂ ᠴᠥᠮ ᠡ ᠢᠢᠨ ᠡᠨᠧᠷᠭᠢ ᠢᠢᠨ ᠻᠣᠮᠢᠰᠰ ᠤᠨ ᠨᠠᠷᠢᠨ ᠪᠢᠴᠢᠭ᠌ ᠦᠨ ᠳᠠᠷᠤᠭ᠎ᠠ ᠭ᠂ ᠮᠠᠩᠯᠠᠢᠢᠵᠠᠪ᠂ ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ ᠢᠢᠨ ᠵᠠᠬᠢᠷᠤᠯ ᠪ᠊᠂ ᠳᠠᠮᠳᠢᠨᠳᠣᠷᠵᠢ᠂ ᠬᠠᠪᠤᠳᠠᠷ ᠰᠤᠳᠤᠯᠤᠯ ᠤᠨ ᠦᠨᠳᠦᠰᠦᠨ ᠦ ᠲᠥᠪ ᠦᠨ ᠶᠡᠷᠦᠩᠬᠡᠶ ᠵᠠᠬᠢᠷᠤᠯ ᠨ᠊᠂ ᠡᠷᠳᠡᠨᠢᠬᠦ᠋ᠦ ᠨᠠᠷ ᠪᠠᠭᠳᠠᠭᠰᠠᠨ ᠶᠤᠮ᠃

ᠠᠵᠢᠯ ᠤᠨ ᠬᠡᠰᠡᠭ ᠬᠣᠶᠠᠳ᠋ᠤᠭᠠᠷ ᠲᠥᠪ ᠦᠨ ᠪᠦᠲᠦᠭᠡᠨ ᠪᠠᠢᠢᠭᠤᠯᠤᠯᠲᠠ ᠢᠢ ᠮᠡᠷᠭᠡᠵᠢᠯ᠂ ᠠᠷᠭ᠎ᠠ ᠵᠦᠢ ᠪᠡᠷ ᠬᠠᠩ᠋ᠭᠠᠵᠤ᠂ ᠳᠡᠮᠵᠢᠯᠭᠡ ᠦᠵᠡᠭᠦᠯᠦᠨ᠎ᠡ᠃ ᠮᠥᠨ ᠬᠠᠪᠤᠳᠠᠷ ᠡᠭᠦᠰᠬᠡᠵᠦ ᠪᠠᠢᠢᠭ᠎ᠠ ᠰᠢᠯᠲᠠᠭᠠᠨ᠂ ᠨᠥᠬᠦᠴᠡᠯ ᠢ ᠲᠠᠰᠤᠯᠤᠨ ᠵᠣᠭᠰᠤᠭᠠᠬᠤ᠂ ᠰᠠᠯᠪᠤᠷᠢ ᠳᠤᠮᠳᠠ ᠢᠢᠨ ᠡᠭᠦᠷᠭᠡ᠂ ᠬᠠᠷᠢᠭᠤᠴᠠᠯᠭ᠎ᠠ ᠢᠢ ᠨᠡᠮᠡᠭᠳᠡᠭᠦᠯᠬᠦ᠂ ᠣᠯᠠᠨ ᠤᠯᠤᠰ ᠤᠨ ᠵᠢᠱᠢᠭ ᠲᠥ ᠨᠡᠢᠢᠴᠡᠭᠰᠡᠨ ᠲᠤᠰᠠᠯᠠᠮᠵᠢ᠂ ᠦᠢᠯᠡᠴᠢᠯᠡᠭᠡ ᠢᠢ ᠴᠢᠨᠠᠷᠲᠠᠶ᠂ ᠬᠦᠷᠲᠡᠭᠡᠮᠵᠢ ᠲᠡᠢ ᠬᠦᠷᠭᠡᠬᠦ ᠴᠢᠭᠯᠡᠯ ᠢᠢᠡᠷ ᠠᠵᠢᠯᠯᠠᠨ᠎ᠠ᠃

ᠮᠠᠨ ᠤ ᠤᠯᠤᠰ ᠲᠤ ᠵᠢᠯ ᠳᠥ 7.000 ᠬᠦᠮᠦᠨ ᠬᠣᠣᠷᠲᠤ ᠬᠠᠪᠤᠳᠠᠷ ᠢᠢᠠᠷ ᠡᠪᠡᠳᠴᠢᠯᠡᠵᠦ᠂ 4.500 ᠬᠦᠮᠦᠨ ᠨᠠᠰᠤ ᠪᠠᠷᠠᠳᠠᠭ ᠪᠥᠭᠡᠳ ᠪᠠᠢᠢᠳᠠᠯ ᠡᠨᠡ ᠬᠡᠪ ᠢᠢᠡᠷ ᠦᠷᠭᠦᠯᠵᠢᠯᠡᠪᠡᠯ 2040 ᠣᠨ ᠭᠡᠬᠦ ᠳᠥ ᠡᠪᠡᠳᠴᠢᠯᠡᠯ ᠬᠣᠶᠠᠷ ᠳᠠᠬᠢᠨ ᠨᠡᠮᠡᠭᠳᠡᠨ᠎ᠡ ᠭᠡᠰᠡᠨ ᠲᠣᠭᠠᠴᠠᠭᠠᠯᠠᠯ ᠢ ᠳᠡᠯᠡᠬᠡᠶ ᠢᠢᠨ ᠡᠷᠡᠭᠦᠯ ᠮᠡᠨᠳᠦ ᠢᠢᠨ ᠪᠠᠢᠢᠭᠤᠯᠤᠯᠭ᠎ ᠠ ᠬᠢᠭᠡᠳ ᠪᠠᠢᠢᠨ᠎ᠠ᠃

ᠬᠠᠪᠤᠳᠠᠷ ᠤᠨ ᠰᠢᠯᠲᠠᠭᠠᠨᠲᠤ ᠨᠠᠰᠤ ᠪᠠᠷᠠᠯᠲᠠ ᠨᠡᠢᠢᠲᠡ ᠨᠠᠰᠤ ᠪᠠᠷᠠᠯᠲᠠ ᠲᠠᠢ ᠬᠠᠷᠢᠴᠠᠭᠤᠯᠬᠤ ᠳᠤ ᠳᠡᠯᠡᠬᠡᠶ ᠳᠥ17 ᠬᠤᠪᠢ ᠲᠠᠢ ᠪᠠᠢᠢᠬᠤ ᠳᠤ ᠮᠠᠨ ᠤ ᠳᠤ 24 ᠬᠤᠪᠢ ᠲᠠᠢ ᠲᠡᠳᠦᠶ ᠦᠭᠡᠢ᠂ ᠬᠣᠣᠷᠲᠤ ᠬᠠᠪᠤᠳᠠᠷ ᠢᠢᠠᠷ ᠡᠪᠡᠳᠦᠭᠰᠡᠨ ᠢᠷᠭᠡᠳ ᠦᠨ 70 ᠣᠷᠴᠢᠮ ᠬᠤᠪᠢ ᠨᠢ ᠬᠣᠵᠢᠭᠤ ᠱᠠᠲᠤᠨ ᠳᠤ ᠪᠠᠨ ᠣᠨᠣᠰᠢᠯᠠᠭᠳᠠᠳᠠᠭ᠃

ᠴᠢᠨᠠᠭᠰᠢᠳᠠ ᠢᠷᠭᠡᠳ ᠢ ᠡᠷᠲᠡ ᠢᠯᠡᠷᠡᠭᠦᠯᠦᠭ ᠲᠥ ᠬᠠᠮᠤᠷᠤᠭᠤᠯᠬᠤ᠂ ᠢᠷᠭᠡᠳ ᠠᠮᠢᠳᠤᠷᠠᠵᠤ ᠪᠠᠢᠢᠭ᠎ᠠ ᠪᠦᠰᠡ ᠨᠤᠲᠤᠭ ᠲᠤ ᠪᠠᠨ ᠬᠠᠪᠤᠳᠠᠷ ᠤᠨ ᠡᠰᠡᠷᠭᠦ ᠡᠮᠨᠡᠯᠭᠡ ᠢᠢᠨ ᠲᠤᠰᠠᠯᠠᠮᠵᠢ᠂ ᠦᠢᠯᠡᠴᠢᠯᠡᠭᠡ ᠠᠪᠳᠠᠭ ᠪᠣᠯᠬᠤ᠂ ᠬᠠᠪᠤᠳᠠᠷ ᠠᠴᠠ ᠰᠢᠯᠲᠠᠭᠠᠯᠠᠭᠰᠠᠨ ᠨᠠᠰᠤ ᠪᠠᠷᠠᠯᠲᠠ ᠢᠢ ᠪᠠᠭᠤᠷᠠᠭᠤᠯᠬᠤ ᠪᠣᠳᠤᠯᠭ᠎ᠠ ᠪᠠᠷᠢᠵᠤ ᠪᠠᠢᠢᠨ᠎ᠠ᠃ ᠡᠨᠡ ᠡᠭᠦᠳᠡᠨ ᠡᠴᠡ ᠬᠠᠪᠤᠳᠠᠷ ᠰᠤᠳᠤᠯᠤᠯ ᠤᠨ ᠦᠨᠳᠦᠰᠦᠨ ᠦ ᠲᠥᠪ ᠢ ᠦᠷᠭᠡᠳᠭᠡᠬᠦ᠂ ᠠᠢᠢᠮᠠᠭ ᠤᠳ ᠤᠨ ᠡᠮᠨᠡᠯᠭᠡ ᠢᠢ ᠲᠧᠭᠨᠢᠭ᠂ ᠲᠣᠨᠤᠭ ᠲᠥᠬᠦᠭᠡᠷᠦᠮᠵᠢ ᠪᠡᠷ ᠬᠠᠩ᠋ᠭᠠᠬᠤ ᠬᠥᠷᠦᠩ᠋ᠭᠡ ᠢᠢ ᠤᠯᠤᠰ᠂ ᠣᠷᠤᠨ ᠨᠤᠲᠤᠭ ᠤᠨ ᠲᠥᠰᠦᠪ ᠲᠥ ᠲᠤᠰᠬᠠᠵᠡᠢ᠃