ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ «ᠲᠣᠭᠲᠠᠪᠤᠷᠢ ᠲᠠᠢ ᠪᠠᠢᠢᠳᠠᠯ ᠤᠨ ᠶᠠᠷᠢᠶ᠎ᠠ ᠬᠡᠯᠡᠯᠴᠡᠭᠡ 2025 – ᠠᠭᠤᠷ ᠠᠮᠢᠰᠬᠤᠯ ᠤᠨ ᠥᠭᠡᠷᠡᠴᠢᠯᠡᠯᠲᠡ: ᠲᠡᠷᠪᠤᠮ ᠮᠣᠳᠤ» ᠴᠢᠭᠤᠯᠭ᠎ᠠ ᠠᠭᠤᠯᠵᠠᠯᠲᠠ ᠲᠥᠷᠦ ᠢᠢᠨ ᠣᠷᠳᠤᠨ ᠳᠤ ᠪᠣᠯᠵᠤ ᠪᠠᠢᠢᠨ᠎ᠠ᠃
ᠴᠢᠭᠤᠯᠭ᠎ᠠ ᠠᠭᠤᠯᠵᠠᠯᠲᠠ ᠨᠢ ᠮᠣᠩ᠋ᠭᠤᠯ ᠤᠯᠤᠰ ᠲᠤ ᠠᠭᠤᠷ ᠠᠮᠢᠰᠬᠤᠯ ᠤᠨ ᠴᠢᠭᠯᠡᠯ ᠢᠶᠡᠷ ᠬᠡᠷᠡᠭᠵᠢᠭᠦᠯᠵᠦ ᠪᠤᠢ ᠪᠣᠳᠤᠯᠭ᠎ᠠ᠂ ᠠᠷᠭ᠎ᠠ ᠬᠡᠮᠵᠢᠶᠡᠨ ᠦ ᠤᠶᠠᠯᠳᠤᠭ᠎ᠠ ᠢᠢ ᠬᠠᠩ᠋ᠭᠠᠬᠤ᠂ ᠬᠥᠷᠦᠩ᠋ᠭᠡ ᠣᠷᠤᠭᠤᠯᠤᠯᠲᠠ ᠲᠠᠲᠠᠬᠤ᠂ ᠣᠯᠠᠨ ᠲᠠᠯᠠᠲᠤ ᠣᠷᠣᠯᠴᠠᠭᠴᠢᠳ ᠤᠨ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠬᠦ᠂ ᠰᠢᠨᠡᠯᠢᠭ ᠰᠠᠨᠠᠭᠠᠴᠢᠯᠠᠭ᠎ᠠ ᠢᠢ ᠳᠡᠮᠵᠢᠬᠦ ᠲᠠᠯᠠᠪᠤᠷ ᠪᠣᠯᠬᠤ ᠶᠤᠮ᠃
ᠮᠥᠨ ᠪᠠᠢᠢᠭᠠᠯᠢ ᠣᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠡᠴᠡ ᠡᠭᠦᠳᠦᠨ ᠭᠠᠷᠴᠤ ᠪᠤᠢ ᠨᠡᠢᠢᠲᠡᠯᠢᠭ ᠰᠣᠷᠢᠯᠲᠠ ᠪᠡᠷᠬᠡᠰᠢᠶᠡᠯ᠂ ᠲᠤᠯᠭᠠᠮᠳᠠᠭᠰᠠᠨ ᠠᠰᠠᠭᠤᠳᠠᠯ ᠤᠳ᠂ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠲᠣᠭᠲᠠᠪᠤᠷᠢ ᠲᠠᠢ ᠬᠥᠭ᠍ᠵᠢᠯ ᠦᠨ 13 ᠳ᠋ᠤᠭᠠᠷ ᠵᠣᠷᠢᠯᠲᠠ ᠢᠢᠨ ᠠᠮᠠᠯᠠᠯᠲᠠ ᠳᠤ ᠬᠦᠷᠬᠦ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠬᠦ ᠪᠡᠷ ᠲᠥᠯᠦᠪᠯᠡᠵᠦ ᠪᠠᠢᠢᠨ᠎ᠠ᠃ ᠲᠡᠭᠦᠨᠴᠢᠯᠡᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠲᠡᠢ ᠤᠶᠠᠯᠳᠤᠭᠤᠯᠵᠤ᠂ ᠭᠠᠵᠠᠷ ᠤᠨ ᠳᠣᠷᠤᠢᠢᠲᠠᠯ᠂ ᠴᠥᠯᠵᠢᠯᠲᠡ᠂ ᠣᠢ ᠢᠢᠨ ᠬᠣᠮᠰᠠᠳᠠᠯ᠂ ᠪᠢᠣᠯᠣᠭᠢ ᠢᠢᠨ ᠣᠯᠠᠨ ᠶᠠᠩᠵᠤ ᠪᠠᠢᠢᠳᠠᠯ ᠤᠨ ᠠᠯᠳᠠᠭᠳᠠᠯ ᠵᠡᠷᠭᠡ ᠪᠠᠢᠢᠭᠠᠯᠢ ᠣᠷᠴᠢᠨ ᠤ ᠲᠤᠯᠭᠠᠮᠳᠠᠭᠰᠠᠨ ᠠᠰᠠᠭᠤᠳᠠᠯ ᠤᠳ ᠢ ᠬᠡᠯᠡᠯᠴᠡᠬᠦ ᠶᠤᠮ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠴᠢᠭᠤᠯᠭ᠎ᠠ ᠠᠭᠤᠯᠵᠠᠯᠲᠠ ᠢᠢ ᠨᠡᠭᠡᠭᠡᠵᠦ ᠦᠭᠡ ᠬᠡᠯᠡᠯ᠎ᠡ᠃
ᠲᠡᠷᠡ ᠪᠡᠷ᠂ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠭᠠᠵᠠᠷ ᠤᠨ ᠳᠣᠷᠤᠢᠢᠲᠠᠯ᠂ ᠣᠷᠴᠢᠨ ᠤ ᠪᠣᠬᠢᠷᠳᠠᠯ ᠵᠡᠷᠭᠡ ᠪᠠᠢᠢᠭᠠᠯᠢ ᠣᠷᠴᠢᠨ ᠤ ᠲᠤᠯᠭᠠᠮᠳᠠᠭᠰᠠᠨ ᠠᠰᠠᠭᠤᠳᠠᠯ ᠤᠳ ᠢ ᠰᠢᠢᠳᠪᠦᠷᠢᠯᠡᠬᠦ ᠳᠥ ᠤᠯᠤᠰ ᠣᠷᠤᠨ ᠨᠤᠭᠤᠳ᠂ ᠪᠦᠰᠡ ᠨᠤᠲᠤᠭ ᠤᠨ ᠬᠠᠮᠲᠤ ᠢᠢᠨ ᠠᠵᠢᠯᠯᠠᠭ᠎ᠠ᠂ ᠬᠠᠷᠢᠯᠴᠠᠨ ᠣᠢᠢᠯᠠᠭᠠᠯᠴᠠᠯ᠂ ᠨᠢᠭᠡᠳᠦᠮᠡᠯ ᠪᠠᠢᠢᠷᠢ ᠰᠠᠭᠤᠷᠢ᠂ ᠨᠢᠭᠡᠳᠦᠭᠰᠡᠨ ᠳᠠᠭᠤ ᠬᠣᠭᠤᠯᠠᠶ ᠨᠡᠩ ᠴᠢᠬᠤᠯᠠ ᠭᠡᠳᠡᠭ ᠢ ᠣᠨᠴᠠᠯᠠᠯ᠎ᠠ᠃
ᠮᠣᠩ᠋ᠭᠤᠯ ᠤᠯᠤᠰ ᠳᠡᠯᠡᠬᠡᠶ ᠢᠢᠨ ᠤᠯᠤᠰ ᠣᠷᠤᠨ ᠨᠤᠭᠤᠳ᠂ ᠣᠯᠠᠨ ᠤᠯᠤᠰ ᠤᠨ ᠪᠠᠢᠢᠭᠤᠯᠤᠯᠭ᠎ᠠ ᠨᠤᠭᠤᠳ᠂ ᠳ᠋ᠣᠨᠤᠷ ᠪᠣᠯᠤᠨ ᠬᠥᠭ᠍ᠵᠢᠯ ᠦᠨ ᠲᠦᠩᠰᠢ ᠨᠦᠭᠦᠳ ᠲᠡᠢ ᠪᠦᠬᠦ ᠲᠠᠯ᠎ᠠ ᠪᠠᠷ ᠨᠡᠭᠡᠭᠡᠯᠲᠡ ᠲᠡᠢ᠂ ᠬᠠᠷᠢᠯᠴᠠᠨ ᠠᠰᠢᠭ ᠲᠠᠢ᠂ ᠦᠷ᠎ᠡ ᠳ᠋ᠦᠩ ᠲᠡᠢ ᠬᠠᠮᠲᠤᠷᠠᠨ ᠠᠵᠢᠯᠯᠠᠬᠤ ᠢᠢᠨ ᠲᠥᠯᠦᠭᠡ ᠪᠠᠢᠢᠭ᠎ᠠ ᠢᠢ ᠢᠯᠡᠷᠬᠡᠢᠢᠯᠡᠯ᠎ᠡ᠃
ᠮᠥᠨ ᠪᠠᠢᠢᠭᠠᠯᠢ ᠳᠡᠯᠡᠬᠡᠶ ᠪᠡᠨ ᠬᠠᠢᠢᠷᠠᠯᠠᠨ ᠬᠠᠮᠠᠭᠠᠯᠠᠵᠤ᠂ ᠬᠣᠢᠢᠴᠢ ᠦᠶ᠎ᠡ ᠳᠥ ᠪᠡᠨ ᠨᠣᠭᠤᠭᠠᠨ ᠢᠷᠡᠭᠡᠳᠦᠶ ᠢᠢ ᠥᠪᠯᠡᠭᠦᠯᠦᠨ ᠦᠯᠡᠳᠡᠭᠡᠬᠦ ᠢᠢᠨ ᠲᠥᠯᠦᠭᠡ ᠨᠢᠭᠡᠨ ᠵᠣᠷᠢᠯᠭ᠎ᠠ᠂ ᠨᠢᠭᠡᠳᠦᠮᠡᠯ ᠬᠦᠰᠡᠯ ᠲᠡᠮᠡᠦᠯᠦᠯ ᠢᠶᠡᠷ ᠬᠠᠮᠲᠤᠷᠠᠨ ᠵᠢᠳᠬᠦᠬᠦ ᠢᠢ ᠤᠷᠢᠶᠠᠯᠠᠯ᠎ᠠ᠃

ᠮᠣᠩ᠋ᠭᠤᠯ ᠤᠯᠤᠰ «ᠲᠣᠭᠲᠠᠪᠤᠷᠢ ᠲᠠᠢ ᠪᠠᠢᠢᠳᠠᠯ ᠤᠨ ᠶᠠᠷᠢᠶ᠎ᠠ ᠬᠡᠯᠡᠯᠴᠡᠭᠡ 2025 – ᠠᠭᠤᠷ ᠠᠮᠢᠰᠬᠤᠯ ᠤᠨ ᠥᠭᠡᠷᠡᠴᠢᠯᠡᠯᠲᠡ: ᠲᠡᠷᠪᠤᠮ ᠮᠣᠳᠤ» ᠴᠢᠭᠤᠯᠭ᠎ᠠ ᠠᠭᠤᠯᠵᠠᠯᠲᠠ ᠵᠣᠬᠢᠶᠠᠨ ᠪᠠᠢᠢᠭᠤᠯᠵᠤ ᠪᠠᠢᠢᠭ᠎ᠠ ᠳᠤ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ 8 ᠳ᠋ᠠᠬᠢ ᠶᠡᠷᠦᠩᠬᠡᠶ ᠨᠠᠷᠢᠨ ᠪᠢᠴᠢᠭ᠌ ᠦᠨ ᠳᠠᠷᠤᠭ᠎ᠠ ᠪᠠᠨ ᠻᠢ ᠮᠦᠨ ᠲᠠᠯᠠᠷᠬᠠᠯ ᠢᠯᠡᠷᠬᠡᠢᠢᠯᠡᠯ᠎ᠡ᠃
ᠲᠡᠷᠡ ᠪᠡᠷ᠂ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠨᠢ ᠳᠡᠯᠡᠬᠡᠶ ᠢᠢᠨ ᠳᠤᠯᠠᠭᠠᠷᠠᠯ ᠢ 2 ᠬᠡᠮ ᠡᠴᠡ ᠳᠣᠭᠤᠭᠰᠢ ᠬᠢᠵᠠᠭᠠᠷᠯᠠᠬᠤ ᠫᠠᠷᠢᠰ ᠤᠨ ᠬᠡᠯᠡᠯᠴᠡᠭᠡᠷ ᠦᠨ ᠵᠣᠷᠢᠯᠭ᠎ᠠ ᠳᠤ ᠮᠣᠩ᠋ᠭᠤᠯ ᠤᠯᠤᠰ ᠤᠨ ᠣᠷᠤᠭᠤᠯᠵᠤ ᠪᠤᠢ ᠪᠣᠳᠠᠲᠤ ᠬᠤᠪᠢ ᠨᠡᠮᠡᠷᠢ ᠭᠡᠳᠡᠭ ᠢ ᠣᠨᠴᠠᠯᠠᠯ᠎ᠠ᠃ ᠮᠥᠨ ᠰᠡᠭᠦᠯ ᠦᠨ 10 ᠵᠢᠯ ᠳᠥ ᠠᠭᠤᠷ ᠠᠮᠢᠰᠬᠤᠯ ᠤᠨ ᠥᠭᠡᠷᠡᠴᠢᠯᠡᠯᠲᠡ᠂ ᠲᠣᠭᠲᠠᠪᠤᠷᠢ ᠲᠠᠢ ᠬᠥᠭ᠍ᠵᠢᠯ ᠦᠨ ᠵᠣᠷᠢᠯᠲᠠ ᠨᠤᠭᠤᠳ ᠢ ᠬᠡᠷᠡᠭᠵᠢᠭᠦᠯᠬᠦ ᠠᠵᠢᠯ ᠰᠢᠨ᠎ᠡ ᠲᠥᠪᠰᠢᠨ ᠳᠥ ᠭᠠᠷᠤᠭᠰᠠᠨ ᠢ ᠲᠡᠮᠳᠡᠭᠯᠡᠵᠦ᠂ ᠴᠢᠨᠠᠭᠰᠢᠳᠠ ᠪᠦᠭᠦᠳᠡ ᠠᠬ᠎ᠠ ᠳᠡᠭᠦᠰ ᠰᠢᠭ᠌ ᠬᠠᠮᠲᠤᠷᠠᠨ᠂ ᠭᠠᠷ ᠨᠡᠢᠢᠯᠡᠵᠦ ᠠᠵᠢᠯᠯᠠᠬᠤ ᠢᠢ ᠤᠷᠢᠶᠠᠯᠠᠯ᠎ᠠ᠃
ᠮᠥᠨ ᠰᠢᠨ᠎ᠡ ᠰᠤᠳᠤᠯᠭ᠎ᠠ᠂ ᠢᠨ᠋᠊ᠨᠣᠸᠠᠼ᠂ ᠰᠢᠨᠡᠯᠢᠭ ᠰᠢᠢᠳᠦᠯ᠂ ᠪᠣᠳᠤᠯᠭ᠎ᠠ ᠢᠢᠨ ᠲᠦᠩᠰᠢᠯᠡᠯ ᠪᠤᠢ ᠪᠣᠯᠭᠠᠵᠤ᠂ ᠪᠦᠬᠦ ᠲᠠᠯ᠎ᠠ ᠢᠢ ᠲᠠᠲᠠᠨ ᠣᠷᠤᠯᠴᠠᠭᠤᠯᠬᠤ᠂ ᠲᠤᠭᠤᠰᠢ ᠲᠠᠢ ᠪᠠᠢᠢᠳᠠᠯ ᠴᠢᠬᠤᠯᠠ ᠭᠡᠵᠦ ᠦᠵᠡᠳᠡᠭ ᠢᠶᠡᠨ ᠢᠯᠡᠷᠬᠡᠢᠢᠯᠡᠯ᠎ᠡ᠃
ᠴᠢᠭᠤᠯᠭ᠎ᠠ ᠠᠭᠤᠯᠵᠠᠯᠲᠠ ᠪᠠᠷ:
• «ᠲᠣᠭᠲᠠᠪᠤᠷᠢ ᠲᠠᠢ ᠬᠥᠭ᠍ᠵᠢᠯ ᠦᠨ ᠲᠥᠯᠦᠭᠡᠬᠢ ᠠᠭᠤᠷ ᠠᠮᠢᠰᠬᠤᠯ ᠤᠨ ᠰᠠᠩᠬᠦᠵᠢᠯᠲᠡ»᠂
• «ᠲᠧᠭᠨᠢᠭ ᠦᠨ ᠬᠠᠮᠲᠤ ᠢᠢᠨ ᠠᠵᠢᠯᠯᠠᠭ᠎ᠠ᠂ ᠨᠡᠢᠢᠭᠡᠮ ᠦᠨ ᠬᠠᠷᠢᠭᠤᠴᠠᠯᠭ᠎ᠠ᠂ ᠲᠤᠷᠰᠢᠯᠭ᠎ᠠ ᠰᠣᠯᠢᠯᠴᠠᠬᠤ ᠬᠠᠮᠲᠤ ᠢᠢᠨ ᠠᠵᠢᠯᠯᠠᠭ᠎ᠠ»᠂
• «ᠠᠭᠤᠷ ᠠᠮᠢᠰᠬᠤᠯ ᠤᠨ ᠥᠭᠡᠷᠡᠴᠢᠯᠡᠯᠲᠡ ᠳᠥ ᠲᠡᠰᠪᠦᠷᠢ ᠲᠡᠢ ᠪᠠᠢᠢᠳᠠᠯ ᠢ ᠳᠡᠮᠵᠢᠬᠦ ᠪᠣᠯᠤᠨ ᠪᠦᠰᠡ ᠨᠤᠲᠤᠭ ᠤᠨ ᠲᠣᠭᠲᠠᠪᠤᠷᠢ ᠲᠠᠢ ᠪᠠᠢᠢᠳᠠᠯ ᠤᠨ ᠲᠥᠯᠦᠭᠡᠬᠢ ᠬᠠᠮᠲᠤ ᠢᠢᠨ ᠠᠵᠢᠯᠯᠠᠭ᠎ᠠ»᠂
• «ᠭᠠᠵᠠᠷ ᠤᠨ ᠳᠣᠷᠤᠢᠢᠲᠠᠯ ᠢ ᠪᠠᠭᠤᠷᠠᠭᠤᠯᠬᠤ᠂ ᠨᠥᠬᠦᠨ ᠰᠡᠷᠭᠦᠭᠡᠵᠦ ᠬᠠᠮᠠᠭᠠᠯᠠᠬᠤ ᠵᠠᠮ ᠢᠶᠠᠷ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠷᠭ᠎ᠠ ᠬᠡᠮᠵᠢᠶ᠎ᠡ ᠢᠢ ᠡᠷᠴᠢᠮᠵᠢᠭᠦᠯᠬᠦ ᠨᠢ» ᠭᠡᠰᠡᠨ ᠦᠨᠳᠦᠰᠦᠨ ᠳᠥᠷᠪᠡᠨ ᠰᠡᠳᠦᠪ ᠦᠨ ᠬᠦᠷᠢᠶᠡᠨ ᠳᠥ ᠬᠡᠯᠡᠯᠴᠡᠭᠦᠯᠭᠡ ᠥᠷᠨᠢᠭᠦᠯᠦᠨ᠎ᠡ᠃
ᠴᠢᠭᠤᠯᠭ᠎ᠠ ᠠᠭᠤᠯᠵᠠᠯᠲᠠ ᠳᠤ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠨᠠᠢᠮᠠ ᠳ᠋ᠠᠬᠢ ᠶᠡᠷᠦᠩᠬᠡᠶ ᠨᠠᠷᠢᠨ ᠪᠢᠴᠢᠭ᠌ ᠦᠨ ᠳᠠᠷᠤᠭ᠎ᠠ᠂ «ᠪᠠᠨ ᠻᠢ ᠮᠦᠨ» ᠰᠠᠩ ᠤᠨ ᠲᠡᠷᠢᠭᠦᠨ᠂ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠤᠨᠲᠤ ᠪᠠᠨ ᠻᠢ ᠮᠦᠨ ᠪᠣᠯᠤᠨ ᠰᠲ᠋ᠡᠨ᠋ᠹᠣᠷᠳ᠋ ᠤᠨ ᠶᠡᠬᠡ ᠰᠤᠷᠭᠠᠭᠤᠯᠢ᠂ ᠾᠦᠩᠭ᠋ᠠᠷᠢ᠂ ᠻᠠᠽᠠᠻᠰᠲ᠋ᠠᠨ ᠤᠯᠤᠰ᠂ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠴᠥᠯᠵᠢᠯᠲᠡ ᠲᠡᠢ ᠲᠡᠮᠡᠴᠡᠬᠦ ᠻᠣᠨ᠋ᠸᠧᠨ᠋ᠼᠢ ᠢᠢᠨ ᠵᠣᠬᠢᠴᠠᠭᠤᠯᠬᠤ ᠠᠯᠪᠠ᠂ ᠳᠡᠯᠡᠬᠡᠶ ᠢᠢᠨ ᠨᠣᠭᠤᠭᠠᠨ ᠬᠥᠭ᠍ᠵᠢᠯ ᠦᠨ ᠢᠨ᠋ᠰᠲ᠋ᠢᠲ᠋ᠦ᠋ᠲ᠂ ᠠᠽᠢ ᠳᠤ ᠬᠠᠮᠲᠤ ᠢᠢᠨ ᠠᠵᠢᠯᠯᠠᠭ᠎ᠠ᠂ ᠢᠲᠡᠭᠡᠯᠴᠡᠯ ᠢ ᠪᠡᠬᠢᠵᠢᠭᠦᠯᠬᠦ ᠪᠠᠭ᠎ᠠ ᠬᠤᠷᠠᠯ ᠭᠡᠳ ᠨᠡᠢᠢᠲᠡ 11 ᠤᠯᠤᠰ ᠤᠨ 40 ᠭᠠᠷᠤᠶ ᠢᠯᠡᠳᠬᠡᠭ᠍ᠴᠢ᠂ ᠪᠠᠢᠢᠭᠠᠯᠢ ᠣᠷᠴᠢᠨ᠂ ᠰᠠᠩᠬᠦᠦ᠂ ᠲᠧᠭᠨᠣᠯᠤᠭᠢ ᠢᠢᠨ ᠰᠠᠯᠪᠤᠷᠢ ᠢᠢᠨ 600 ᠭᠠᠷᠤᠶ ᠲᠥᠯᠦᠭᠡᠯᠡᠭᠴᠢ ᠣᠷᠤᠯᠴᠠᠵᠤ ᠪᠠᠢᠢᠨ᠎ᠠ᠃

ᠴᠢᠭᠤᠯᠭ᠎ᠠ ᠠᠭᠤᠯᠵᠠᠯᠲᠠ ᠢᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠪᠠᠢᠢᠭᠠᠯᠢ ᠣᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠶᠠᠮᠤ᠂ ᠭᠠᠳᠠᠭᠠᠳᠤ ᠬᠠᠷᠢᠯᠴᠠᠭᠠᠨ ᠤ ᠶᠠᠮᠤ᠂ «ᠪᠠᠨ ᠻᠢ ᠮᠦᠨ» ᠰᠠᠩ᠂ ᠠᠮᠧᠷᠢᠻᠠ ᠢᠢᠨ ᠨᠢᠭᠡᠳᠦᠭᠰᠡᠨ ᠤᠯᠤᠰ ᠤᠨ ᠰᠲ᠋ᠡᠨ᠋ᠹᠣᠷᠳ᠋ ᠤᠨ ᠶᠡᠬᠡ ᠰᠤᠷᠭᠠᠭᠤᠯᠢ ᠢᠢᠨ ᠸᠣᠯᠲ᠋ᠧᠷ ᠬ· ᠱᠣᠷᠧᠨ᠋ᠱᠲ᠋ᠧᠶᠢᠨ ᠤ «ᠠᠽᠢ-ᠨᠣᠮᠤᠬᠠᠨ ᠳᠠᠯᠠᠢ ᠢᠢᠨ ᠰᠤᠳᠤᠯᠭᠠᠨ ᠤ ᠲᠥᠪ»᠂ ᠮᠣᠩ᠋ᠭᠤᠯ ᠤᠨ ᠲᠣᠭᠲᠠᠪᠤᠷᠢ ᠲᠠᠢ ᠰᠠᠩᠬᠦᠵᠢᠯᠲᠡ ᠢᠢᠨ ᠬᠣᠯᠪᠤᠭ᠎ᠠ ᠬᠠᠮᠲᠤᠷᠠᠨ ᠵᠣᠬᠢᠶᠠᠨ ᠪᠠᠢᠢᠭᠤᠯᠵᠤ ᠪᠠᠢᠢᠨ᠎ᠠ᠃
ᠮᠥᠨ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ᠂ ᠠᠽᠢ ᠢᠢᠨ ᠬᠥᠭ᠍ᠵᠢᠯ ᠦᠨ ᠪᠠᠩᠻᠢ᠂ «ᠣᠭ᠍ᠶᠤ ᠲᠣᠯᠤᠭᠠᠶ» ᠬᠢᠵᠠᠭᠠᠷᠯᠠᠭᠳᠠᠮᠠᠯ ᠬᠠᠷᠢᠭᠤᠴᠠᠯᠭᠠᠲᠠᠶ ᠻᠣᠮᠫᠠᠨᠢ ᠵᠡᠷᠭᠡ ᠪᠠᠢᠢᠭᠤᠯᠤᠯᠭ᠎ᠠ᠂ ᠬᠤᠪᠢ ᠢᠢᠨ ᠬᠡᠪᠰᠢᠯ᠂ ᠢᠷᠭᠡᠨ ᠦ ᠨᠡᠢᠢᠭᠡᠮ ᠦᠨ ᠪᠠᠢᠢᠭᠤᠯᠤᠯᠭ᠎ᠠ ᠨᠤᠭᠤᠳ ᠳᠡᠮᠵᠢᠨ ᠣᠷᠤᠯᠴᠠᠵᠤ ᠪᠠᠢᠢᠭ᠎ᠠ ᠶᠤᠮ᠃
ᠮᠣᠩ᠋ᠭᠤᠯ ᠤᠯᠤᠰ 2050 ᠣᠨ ᠭᠡᠬᠦ ᠳᠥ ᠬᠦᠯᠡᠮᠵᠢ ᠢᠢᠨ ᠬᠡᠶ ᠢᠢᠨ ᠰᠢᠩ᠋ᠭᠡᠭᠡᠯᠲᠡ᠂ ᠢᠯᠭᠠᠷᠠᠭᠤᠯᠤᠯᠲᠠ ᠢᠢᠨ ᠵᠥᠷᠢᠭᠦᠦ ᠢᠢ ᠲᠡᠭᠯᠡᠬᠦ ᠢᠢᠨ ᠲᠤᠯᠠᠳᠠ ᠡᠷᠴᠢᠮ ᠬᠦᠴᠦ᠂ ᠲᠡᠭᠡᠭᠡᠪᠦᠷᠢ᠂ ᠬᠥᠳᠡᠭᠡ ᠠᠵᠤ ᠠᠬᠤᠶ᠂ ᠠᠭᠤᠯᠠ ᠠᠭᠤᠷᠬᠠᠶ᠂ ᠬᠣᠲᠠ ᠪᠠᠢᠢᠭᠤᠯᠤᠯᠲᠠ ᠵᠡᠷᠭᠡ ᠰᠠᠯᠪᠤᠷᠢ ᠳᠤ ᠳᠡᠪᠰᠢᠯᠲᠡᠲᠦ ᠲᠧᠭᠨᠣᠯᠤᠭᠢ ᠨᠤᠲᠤᠭᠰᠢᠭᠤᠯᠵᠤ᠂ ᠠᠭᠤᠷ ᠠᠮᠢᠰᠬᠤᠯ ᠤᠨ ᠥᠭᠡᠷᠡᠴᠢᠯᠡᠯᠲᠡ ᠳᠥ ᠲᠡᠰᠪᠦᠷᠢ ᠲᠡᠢ ᠬᠥᠭ᠍ᠵᠢᠯ ᠦᠨ ᠪᠣᠳᠤᠯᠭ᠎ᠠ ᠬᠡᠷᠡᠭᠵᠢᠭᠦᠯᠬᠦ ᠢᠢ ᠵᠣᠷᠢᠵᠤ ᠪᠠᠢᠢᠨ᠎ᠠ᠃
«ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠥᠩ᠋ᠭᠡᠷᠡᠭᠰᠡᠨ ᠭᠤᠷᠪᠠᠨ ᠵᠢᠯ ᠳᠥ 86 ᠰᠠᠶ᠎ᠠ ᠲᠠᠷᠢᠴᠠ᠂ ᠰᠠᠭᠤᠯᠭᠠᠴᠠ ᠢᠢᠨ ᠨᠥᠭᠡᠴᠡ ᠪᠦᠷᠢᠳᠦᠭᠦᠯᠵᠦ᠂ 84 ᠰᠠᠶ᠎ᠠ ᠮᠣᠳᠤ ᠢᠢ ᠲᠠᠷᠢᠵᠤ ᠠᠷᠠᠴᠢᠯᠠᠨ ᠤᠷᠭᠤᠭᠤᠯᠵᠤ ᠪᠠᠢᠢᠭ᠎ᠠ ᠢᠢ ᠳᠤᠷᠠᠳᠴᠤ᠂ 1.9 ᠲᠡᠷᠪᠤᠮ ᠮᠣᠳᠤ ᠢᠢ ᠬᠥᠨᠦᠭᠡᠯᠲᠦ ᠰᠢᠪᠠᠵᠢ ᠳᠤ ᠥᠷᠢᠲᠡᠨ ᠰᠡᠷᠭᠦᠨ ᠤᠷᠭᠤᠬᠤ ᠴᠢᠳᠠᠪᠤᠷᠢ ᠪᠠᠨ ᠠᠯᠳᠠᠬᠤ ᠠᠴᠠ ᠬᠠᠮᠠᠭᠠᠯᠠᠭᠠᠳ ᠪᠠᠢᠢᠨ᠎ᠠ᠃
ᠮᠣᠩ᠋ᠭᠤᠯ ᠤᠯᠤᠰ «2025 ᠣᠨ ᠢ ᠬᠣᠷᠰᠢᠶᠠᠯᠠᠯ ᠤᠨ ᠣᠯᠠᠨ ᠤᠯᠤᠰ ᠤᠨ ᠵᠢᠯ ᠪᠣᠯᠭᠠᠨ ᠲᠡᠮᠳᠡᠭᠯᠡᠬᠦ ᠲᠤᠬᠠᠶ»᠂ «2026 ᠣᠨ ᠢ ᠪᠡᠯᠴᠢᠭᠡᠷ ᠪᠠ ᠨᠡᠭᠦᠳᠡᠯ ᠦᠨ ᠮᠠᠯ ᠠᠵᠤ ᠠᠬᠤᠶ ᠡᠷᠬᠢᠯᠡᠭᠴᠢᠳ ᠦᠨ ᠵᠢᠯ» ᠪᠣᠯᠭᠠᠨ ᠵᠠᠷᠯᠠᠬᠤ ᠲᠤᠬᠠᠶ ᠲᠣᠭᠲᠠᠭᠠᠯ ᠰᠠᠨᠠᠭᠠᠴᠢᠯᠠᠨ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠶ ᠠᠰᠰᠠᠮᠪᠯᠧᠢ ᠢᠢᠨ ᠬᠤᠷᠠᠯᠳᠤᠭᠠᠨ ᠢᠶᠠᠷ ᠪᠠᠲᠤᠯᠠᠭᠤᠯᠤᠭᠰᠠᠨ᠃
ᠮᠥᠨ 2026 ᠣᠨ ᠳᠤ ᠤᠯᠠᠭᠠᠨᠪᠠᠭᠠᠲᠤᠷ ᠬᠣᠲᠠᠨ᠎ᠠ ᠪᠣᠯᠬᠤ «ᠴᠥᠯᠵᠢᠯᠲᠡ ᠲᠡᠢ ᠲᠡᠮᠡᠴᠡᠬᠦ ᠲᠤᠬᠠᠶ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠻᠣᠨ᠋ᠸᠧᠨ᠋ᠼᠢ ᠢᠢᠨ ᠲᠠᠯ᠎ᠠ ᠨᠤᠭᠤᠳ ᠤᠨ 17 ᠳ᠋ᠤᠭᠠᠷ ᠪᠠᠭ᠎ᠠ ᠬᠤᠷᠠᠯ ᠤᠨ ᠬᠦᠷᠢᠶᠡᠨ ᠳᠥ «ᠢᠷᠡᠭᠡᠳᠦᠶ ᠢᠢᠨ ᠲᠥᠯᠦᠭᠡᠬᠢ ᠲᠣᠭᠲᠠᠪᠤᠷᠢ ᠲᠠᠢ ᠪᠡᠯᠴᠢᠭᠡᠷ᠂ ᠭᠠᠵᠠᠷ ᠤᠨ ᠠᠰᠠᠭᠤᠳᠠᠯ ᠢᠶᠠᠷ ᠬᠢ ᠣᠯᠠᠨ ᠤᠯᠤᠰ ᠤᠨ ᠡᠪᠰᠡᠯ» ᠰᠢᠬᠦᠷ ᠰᠠᠨᠠᠭᠠᠴᠢᠯᠠᠭ᠎ᠠ ᠳᠡᠪᠰᠢᠭᠦᠯᠦᠭᠰᠡᠨ᠃
ᠡᠨᠡ ᠨᠢ ᠤᠯᠠᠮᠵᠢᠯᠠᠯᠲᠤ ᠪᠡᠯᠴᠢᠭᠡᠷ ᠦᠨ ᠮᠠᠯ ᠠᠵᠤ ᠠᠬᠤᠶ ᠡᠷᠬᠢᠯᠡᠳᠡᠭ ᠳᠡᠯᠡᠬᠡᠶ ᠢᠢᠨ 100 ᠭᠠᠷᠤᠶ ᠤᠯᠤᠰ ᠣᠷᠤᠨ ᠤᠷᠤᠭᠤ ᠴᠢᠭᠯᠡᠭᠰᠡᠨ ᠬᠥᠷᠦᠩ᠋ᠭᠡ ᠣᠷᠤᠭᠤᠯᠤᠯᠲᠠ᠂ ᠰᠠᠩᠬᠦᠵᠢᠯᠲᠡ ᠨᠡᠮᠡᠭᠳᠡᠵᠦ᠂ 500 ᠣᠷᠴᠢᠮ ᠰᠠᠶ᠎ᠠ ᠬᠦᠮᠦᠨ ᠦ ᠡᠷᠡᠭᠦᠯ ᠮᠡᠨᠳᠦ᠂ ᠠᠮᠢᠳᠤᠷᠠᠯ ᠢ ᠬᠠᠮᠠᠭᠠᠯᠠᠵᠤ᠂ ᠰᠠᠢᠢᠵᠢᠷᠠᠭᠤᠯᠬᠤ ᠳᠤ ᠪᠣᠳᠠᠲᠤ ᠳᠡᠮᠵᠢᠯᠭᠡ ᠪᠣᠯᠤᠨ᠎ᠠ ᠭᠡᠵᠦ ᠦᠵᠡᠵᠦ ᠪᠠᠢᠢᠭ᠎ᠠ ᠶᠤᠮ᠃


