ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠦᠨᠳᠦᠰᠦᠨ ᠬᠠᠤᠯᠢ ᠢᠢᠨ ᠭᠤᠴᠢᠨ ᠶᠢᠰᠦ᠊ᠳ᠋ᠦᠭᠡᠷ ᠵᠦᠢᠯ ᠦᠨ 2 ᠳ᠋ᠠᠬᠢ ᠬᠡᠰᠡᠭ ᠲᠥ ᠵᠢᠭᠠᠭᠰᠠᠨ ᠤ ᠳᠠᠭᠠᠭᠤ ᠭᠣᠮᠪᠤᠵᠠᠪ ᠤᠨ ᠽᠠᠨᠳᠠᠨᠰᠢᠲᠠᠷ ᠠ ᠢᠢ ᠮᠣᠩ᠋ᠭᠤᠯ ᠤᠯᠤᠰ ᠤᠨ ᠶᠡᠷᠦᠩᠬᠡᠶ ᠰᠠᠢᠢᠳ ᠢᠶᠠᠷ ᠲᠣᠮᠢᠯᠠᠬᠤ ᠰᠠᠨᠠᠯ ᠢᠶᠠᠨ ᠤᠯᠤᠰ ᠤᠨ ᠶᠡᠬᠡ ᠬᠤᠷᠠᠯ ᠳᠤ ᠣᠷᠤᠭᠤᠯᠤᠯ᠎ᠠ᠃
ᠮᠣᠩ᠋ᠭᠤᠯ ᠠᠷᠠᠳ ᠤᠨ ᠨᠠᠮ ᠤᠨ ᠳᠣᠯᠤᠭᠠᠳ᠋ᠤᠭᠠᠷ ᠪᠠᠭ᠎ᠠ ᠬᠤᠷᠠᠯ ᠠᠴᠠ ᠲᠤᠰ ᠨᠠᠮ ᠤᠨ ᠤᠳᠤᠷᠢᠳᠬᠤ ᠵᠥᠪᠯᠡᠯ ᠦᠨ ᠭᠡᠰᠢᠭᠦᠨ ᠭᠣ᠊·ᠽᠠᠨᠳᠠᠨᠰᠢᠲᠠᠷ ᠠ ᠢᠢ ᠮᠣᠩ᠋ᠭᠤᠯ ᠤᠯᠤᠰ ᠤᠨ ᠶᠡᠷᠦᠩᠬᠡᠶ ᠰᠠᠢᠢᠳ ᠲᠤ ᠨᠡᠷ᠎ᠡ ᠳᠡᠪᠰᠢᠭᠦᠯᠬᠦ ᠪᠡᠨ ᠰᠢᠢᠳᠪᠦᠷᠢᠯᠡᠭᠰᠡᠨ᠃
ᠡᠨᠡ ᠳᠠᠭᠠᠭᠤ ᠮᠣᠩ᠋ᠭᠤᠯ ᠠᠷᠠᠳ ᠤᠨ ᠨᠠᠮ ᠤᠨ ᠶᠡᠷᠦᠩᠬᠡᠶ ᠨᠠᠷᠢᠨ ᠪᠢᠴᠢᠭ᠌ ᠦᠨ ᠳᠠᠷᠤᠭ᠎ᠠ ᠶᠠ᠊·ᠰᠣᠳᠤᠪᠠᠭᠠᠲᠤᠷ ᠶᠡᠷᠦᠩᠬᠡᠶ ᠰᠠᠢᠢᠳ ᠲᠤ ᠭᠣ᠊·ᠽᠠᠨᠳᠠᠨᠰᠢᠲᠠᠷ ᠠ ᠢᠢ ᠲᠣᠮᠢᠯᠠᠬᠤ ᠰᠠᠨᠠᠯ ᠢ ᠶᠡᠷᠦᠩᠬᠡᠢᠢᠯᠡᠭᠴᠢ ᠳᠥ ᠬᠦᠷᠭᠡᠭᠦᠯᠦᠭᠰᠡᠨ ᠶᠤᠮ᠃
ᠶᠡᠷᠦᠩᠬᠡᠶ ᠰᠠᠢᠢᠳ ᠢᠶᠠᠷ ᠲᠣᠮᠢᠯᠠᠬᠤ ᠠᠰᠠᠭᠤᠳᠠᠯ ᠢ ᠤᠯᠤᠰ ᠤᠨ ᠶᠡᠬᠡ ᠬᠤᠷᠠᠯ ᠬᠡᠯᠡᠯᠴᠡᠨ ᠰᠢᠢᠳᠪᠦᠷᠢᠯᠡᠨ᠎ᠡ᠃