ᠮᠣᠩ᠋ᠭᠤᠯ ᠤᠯᠤᠰ ᠤᠨ ᠶᠡᠷᠦᠩᠬᠡᠶ ᠰᠠᠢᠢᠳ ᠭᠣᠮᠪᠤᠵᠠᠪ ᠤᠨ ᠽᠠᠨᠳᠠᠨᠰᠢᠲᠠᠷ ᠠ ᠵᠠᠰᠠᠭ ᠤᠨ ᠭᠠᠵᠠᠷ ᠤᠨ ᠭᠡᠰᠢᠭᠦᠳ ᠲᠥ ᠨᠡᠷ᠎ᠡ ᠳᠡᠪᠰᠢᠭ᠍ᠴᠢᠳ ᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠲᠠᠨᠢᠯᠴᠠᠭᠤᠯᠤᠯ᠎ᠠ᠃
- ᠲᠡᠷᠢᠭᠦᠨ ᠰᠢᠳᠠᠷ ᠰᠠᠢᠢᠳ ᠪᠥᠭᠡᠳ ᠡᠳ᠋ ᠦᠨ ᠵᠠᠰᠠᠭ᠂ ᠬᠥᠭ᠍ᠵᠢᠯ ᠦᠨ ᠰᠠᠢᠢᠳ ᠲᠤ ᠨᠢᠮ᠎ᠠ-ᠣᠰᠣᠷ ᠤᠨ ᠤᠴᠠᠷᠠᠯ᠂
- ᠰᠢᠳᠠᠷ ᠰᠠᠢᠢᠳ ᠲᠤ ᠲᠣᠭᠮᠢᠳ ᠤᠨ ᠳᠣᠷᠵᠢᠬᠠᠩᠳᠤ᠂
- ᠰᠢᠳᠠᠷ ᠰᠠᠢᠢᠳ ᠲᠤ ᠰᠠᠢᠢᠨᠪᠤᠶᠠᠨ ᠤᠨ ᠠᠮᠤᠷᠰᠠᠢᠢᠬᠠᠨ᠂
- ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠳᠤ ᠰᠠᠩᠳᠠᠭ ᠤᠨ ᠪᠢᠮᠪᠠᠴᠣᠭᠲᠤ᠂
- ᠭᠠᠳᠠᠭᠠᠳᠤ ᠬᠠᠷᠢᠯᠴᠠᠭᠠᠨ ᠤ ᠰᠠᠢᠢᠳ ᠲᠤ ᠪᠠᠲᠤᠮᠥ᠋ᠩᠬᠡ ᠢᠢᠨ ᠪᠠᠲᠤᠴᠡᠴᠡᠭ᠌᠂
- ᠰᠠᠩ ᠤᠨ ᠰᠠᠢᠢᠳ ᠲᠤ ᠪᠣᠯᠤᠳ ᠤᠨ ᠵᠢᠪᠬᠤᠯᠠᠩ᠂
- ᠬᠠᠤᠯᠢ ᠵᠦᠢ᠂ ᠳᠣᠲᠤᠭᠠᠳᠤ ᠬᠡᠷᠡᠭ ᠦᠨ ᠰᠠᠢᠢᠳ ᠲᠤ ᡀᠠᠭᠪᠠ ᠢᠢᠨ ᠮᠥᠩᠬᠡᠪᠠᠭᠠᠲᠤᠷ᠂
- ᠠᠵᠤ ᠦᠢᠯᠡᠳᠪᠦᠷᠢ᠂ ᠡᠷᠦᠳᠡᠰᠦ ᠪᠠᠶᠠᠯᠢᠭ ᠤᠨ ᠰᠠᠢᠢᠳ ᠲᠤ ᠭᠣᠩ᠋ᠭᠠᠷ ᠤᠨ ᠳᠠᠮᠳᠢᠩᠨᠢᠮ ᠠ᠂
- ᠪᠠᠲᠤᠯᠠᠨ ᠬᠠᠮᠠᠭᠠᠯᠠᠬᠤ ᠢᠢᠨ ᠰᠠᠢᠢᠳ ᠲᠤ ᠳᠠᠮᠪᠠ ᠢᠢᠨ ᠪᠠᠲᠤᠯᠤᠲᠤ᠂
- ᠪᠠᠢᠢᠭᠠᠯᠢ ᠣᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠰᠠᠢᠢᠳ ᠲᠤ ᠪᠠᠲᠤ ᠢᠢᠨ ᠪᠠᠲᠤᠪᠠᠭᠠᠲᠤᠷ᠂
- ᠪᠣᠯᠪᠠᠰᠤᠷᠠᠯ ᠤᠨ ᠰᠠᠢᠢᠳ ᠲᠤ ᠫᠦᠷᠪᠦᠰᠦ᠋ᠷᠦᠩ ᠦᠨ ᠨᠠᠷᠠᠨᠪᠠᠶᠠᠷ᠂
- ᠭᠡᠷ ᠪᠦᠯᠦ᠂ ᠬᠥᠳᠡᠯᠮᠦᠷᠢ᠂ ᠨᠡᠢᠢᠭᠡᠮ ᠦᠨ ᠬᠠᠮᠠᠭᠠᠯᠠᠯ ᠤᠨ ᠰᠠᠢᠢᠳ ᠲᠤ ᠲᠢᠯᠧ᠊ᠦ᠋ᠬᠠᠨ ᠤ ᠠ᠊ᠦ᠋ᠪᠠᠻᠢᠷ
- ᠵᠠᠮ᠂ ᠲᠡᠭᠡᠭᠡᠪᠦᠷᠢ ᠢᠢᠨ ᠰᠠᠢᠢᠳ ᠲᠤ ᠪᠣᠷᠤᠬᠦ᠋ᠦ ᠢᠢᠨ ᠳᠡᠯᠭᠡᠷᠰᠠᠢᠢᠬᠠᠨ᠂
- ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠰᠠᠢᠢᠳ ᠲᠤ ᠴᠢᠩᠪᠠᠲᠤ ᠢᠢᠨ ᠤᠨᠳᠤᠷᠤᠮ᠎ᠠ᠂
- ᠬᠣᠲᠠ ᠪᠠᠢᠢᠭᠤᠯᠤᠯᠲᠠ᠂ ᠪᠠᠷᠢᠯᠭ᠎ᠠ᠂ ᠣᠷᠤᠨ ᠰᠠᠭᠤᠴᠠᠵᠢᠭᠤᠯᠤᠯᠲᠠ ᠢᠢᠨ ᠰᠠᠢᠢᠳ ᠲᠤ ᠡᠩᠬᠡᠲᠠᠢᠢᠪᠤᠩ ᠤᠨ ᠪᠠᠲᠤ-ᠠᠮᠤᠭᠤᠯᠠᠩ᠂
- ᠬᠦᠨᠡᠰᠦ᠂ ᠬᠥᠳᠡᠭᠡ ᠠᠵᠤ ᠠᠬᠤᠶ᠂ ᠬᠥᠩ᠋ᠭᠡᠨ ᠦᠢᠯᠡᠳᠪᠦᠷᠢ ᠢᠢᠨ ᠰᠠᠢᠢᠳ ᠲᠤ ᠵᠠᠳᠳᠣᠩᠪᠠ ᠢᠢᠨ ᠡᠩᠬᠡᠪᠠᠶᠠᠷ᠂
- ᠴᠠᠬᠢᠮ ᠬᠥᠭ᠍ᠵᠢᠯ᠂ ᠢᠨ᠋᠊ᠨᠣᠸᠠᠼ᠂ ᠬᠠᠷᠢᠯᠴᠠᠭ᠎ᠠ ᠬᠣᠯᠪᠤᠭᠠᠨ ᠤ ᠰᠠᠢᠢᠳ ᠲᠤ ᠡᠩᠬᠡᠪᠠᠶᠠᠷ ᠤᠨ ᠪᠠᠲᠤᠱᠤᠭᠠᠷ ᠠ᠂
- ᠡᠷᠴᠢᠮ ᠬᠦᠴᠦᠨ ᠦ ᠰᠠᠢᠢᠳ ᠲᠤ ᠪᠠᠲᠤᠲᠣᠭᠲᠠᠬᠤ ᠢᠢᠨ ᠴᠣᠢᠢᠵᠠᠯᠰᠦ᠋ᠷᠦᠩ᠂
- ᠡᠷᠡᠭᠦᠯ ᠮᠡᠨᠳᠦ ᠢᠢᠨ ᠰᠠᠢᠢᠳ ᠲᠤ ᠵᠢᠭ᠍ᠵᠢᠳᠰᠦ᠋ᠷᠦᠩ ᠦᠨ ᠴᠢᠩᠪᠦ᠋ᠷᠢᠨ ᠨᠠᠷ ᠢ ᠨᠡᠷ᠎ᠡ ᠳᠡᠪᠰᠢᠭᠦᠯᠵᠡᠶ᠃
ᠮᠣᠩ᠋ᠭᠤᠯ ᠤᠯᠤᠰ ᠤᠨ ᠦᠨᠳᠦᠰᠦᠨ ᠬᠠᠤᠯᠢ ᠢᠢᠨ ᠭᠤᠴᠢᠨ ᠶᠢᠰᠦ᠊ᠳ᠋ᠦᠭᠡᠷ ᠵᠦᠢᠯ ᠦᠨ 4 ᠳ᠋ᠡᠬᠢ ᠬᠡᠰᠡᠭ ᠲᠥ᠂ «ᠵᠠᠰᠠᠭ ᠤᠨ ᠭᠠᠵᠠᠷ ᠤᠨ ᠭᠡᠰᠢᠭᠦᠨ ᠢ ᠤᠯᠤᠰ ᠤᠨ ᠶᠡᠬᠡ ᠬᠤᠷᠠᠯ᠂ ᠶᠡᠷᠦᠩᠬᠡᠢᠢᠯᠡᠭᠴᠢ ᠳᠥ ᠲᠠᠨᠢᠯᠴᠠᠭᠤᠯᠤᠭᠰᠠᠨ ᠢᠶᠠᠷ ᠶᠡᠷᠦᠩᠬᠡᠶ ᠰᠠᠢᠢᠳ ᠲᠣᠮᠢᠯᠠᠵᠤ᠂ ᠴᠢᠯᠦᠭᠡᠯᠡᠵᠦ᠂ ᠣᠭᠴᠤᠷᠤᠭᠤᠯᠤᠨᠠ᠃ ᠵᠠᠰᠠᠭ ᠤᠨ ᠭᠠᠵᠠᠷ ᠤᠨ ᠭᠡᠰᠢᠭᠦᠨ ᠤᠯᠤᠰ ᠤᠨ ᠶᠡᠬᠡ ᠬᠤᠷᠠᠯ ᠳᠤ ᠲᠠᠩ᠋ᠭᠠᠷᠢᠭ ᠡᠷᠭᠦᠨ᠎ᠡ» ᠭᠡᠵᠦ ᠵᠢᠭᠠᠵᠠᠶ᠃