ᠡᠨᠡ ᠡᠳᠦᠷ ᠦᠳ ᠲᠥ ᠣᠨᠴᠤᠭᠤᠶ ᠪᠠᠢᠢᠳᠠᠯ ᠤᠨ ᠠᠯᠪᠠ ᠪᠠᠢᠢᠭᠤᠯᠤᠭᠳᠠᠭᠰᠠᠨ ᠤ 20 ᠵᠢᠯ ᠦᠨ ᠣᠢ ᠲᠣᠬᠢᠶᠠᠵᠤ ᠪᠠᠢᠢᠨ᠎ᠠ᠃ ᠮᠣᠩ᠋ᠭᠤᠯ ᠤᠯᠤᠰ ᠤᠨ ᠵᠠᠰᠠᠭ ᠤᠨ ᠭᠠᠵᠠᠷ ᠤᠨ 2004 ᠣᠨ ᠤ ᠨᠢᠭᠡ᠊ᠳ᠋ᠦᠭᠡᠷ ᠲᠣᠭᠲᠠᠭᠠᠯ ᠢᠶᠠᠷ ᠭᠠᠯ ᠲᠦᠢᠮᠡᠷ ᠲᠡᠢ ᠲᠡᠮᠡᠴᠡᠬᠦ ᠭᠠᠵᠠᠷ᠂ ᠤᠯᠤᠰ ᠤᠨ ᠢᠷᠭᠡᠨ ᠦ ᠬᠠᠮᠠᠭᠠᠯᠠᠯᠲᠠ ᠢᠢᠨ ᠭᠠᠵᠠᠷ᠂ ᠤᠯᠤᠰ ᠤᠨ ᠨᠥᠭᠡᠴᠡ ᠢᠢᠨ ᠭᠠᠵᠠᠷ ᠢ ᠨᠢᠭᠡᠳᠬᠡᠵᠦ ᠣᠨᠴᠤᠭᠤᠶ ᠪᠠᠢᠢᠳᠠᠯ ᠤᠨ ᠠᠯᠪᠠ ᠢᠢ ᠪᠠᠢᠢᠭᠤᠯᠤᠭᠰᠠᠨ ᠶᠤᠮ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤᠬᠤᠨ᠎ᠠ ᠢᠢᠨ ᠬᠦᠷᠡᠯᠰᠦ᠋ᠬᠡ ᠣᠨᠴᠤᠭᠤᠶ ᠪᠠᠢᠢᠳᠠᠯ ᠤᠨ ᠠᠯᠪᠠᠨ ᠤ ᠣᠢ ᠢᠢᠨ ᠬᠦᠨᠳᠦᠳᠬᠡᠯ ᠦᠨ ᠶᠣᠰᠤᠯᠠᠯ ᠳᠤ ᠣᠷᠤᠯᠴᠠᠯ᠎ᠠ᠃
ᠲᠡᠷᠡ ᠪᠡᠷ᠂ ᠲᠥᠷᠦ᠂ ᠵᠠᠰᠠᠭ᠂ ᠲᠦᠮᠡᠨ ᠣᠯᠠᠨ ᠤ ᠪᠠᠨ ᠡᠮᠦᠨ᠎ᠡ ᠬᠦᠯᠢᠶᠡᠭᠰᠡᠨ ᠨᠡᠷ᠎ᠡ ᠬᠦᠨᠳᠦ ᠲᠡᠢ ᠪᠥᠭᠡᠳ ᠬᠠᠷᠢᠭᠤᠴᠠᠯᠭ᠎ᠠ ᠲᠠᠢ ᠡᠭᠦᠷᠭᠡ ᠪᠡᠨ ᠴᠢᠩ ᠰᠢᠳᠤᠷᠭᠤ ᠪᠠᠷ ᠪᠡᠶᠡᠯᠡᠭᠦᠯᠵᠦ ᠪᠠᠢᠢᠭ᠎ᠠ ᠠᠯᠪᠠ ᠬᠠᠭᠠᠭᠴᠢᠳ ᠪᠣᠯᠤᠨ ᠭᠡᠷ ᠪᠦᠯᠦ᠂ ᠦᠷ᠎ᠡ ᠬᠡᠦᠬᠡᠳ ᠦᠳ ᠲᠥ ᠲᠥᠷᠦ ᠢᠢᠨ ᠨᠡᠷ᠎ᠡ ᠢᠢᠨ ᠡᠮᠦᠨ᠎ᠡ ᠡᠴᠡ ᠲᠠᠯᠠᠷᠬᠠᠯ ᠢᠯᠡᠷᠬᠡᠢᠢᠯᠡᠯ᠎ᠡ᠃
ᠭᠠᠮᠰᠢᠭ ᠣᠰᠤᠯ᠂ ᠠᠶᠤᠯ᠂ ᠡᠷᠦᠰᠳᠡᠯ ᠡᠴᠡ ᠠᠷᠠᠳ ᠲᠦᠮᠡᠨ ᠦ ᠪᠡᠨ ᠠᠮᠢ ᠨᠠᠰᠤ᠂ ᠡᠷᠡᠭᠦᠯ ᠮᠡᠨᠳᠦ᠂ ᠡᠳ᠋ ᠬᠥᠷᠦᠩ᠋ᠭᠡ ᠢᠢ ᠠᠪᠤᠷᠠᠨ ᠬᠠᠮᠠᠭᠠᠯᠠᠬᠤ ᠢᠢᠨ ᠲᠥᠯᠦᠭᠡ ᠡᠷᠭᠦᠭ᠍ᠰᠡᠨ ᠲᠠᠩ᠋ᠭᠠᠷᠢᠭ ᠲᠤ ᠪᠠᠨ ᠦᠨᠡᠨᠴᠢ ᠪᠠᠢᠢᠵᠤ᠂ ᠠᠮᠢ ᠪᠡᠶ᠎ᠡ ᠪᠡᠨ ᠦᠯᠦ ᠬᠠᠢᠢᠷᠠᠯᠠᠨ ᠬᠦᠴᠦᠨ ᠵᠢᠳᠬᠦᠳᠡᠭ ᠠᠯᠪᠠ ᠬᠠᠭᠠᠭᠴᠢᠳ ᠲᠤ ᠮᠣᠩ᠋ᠭᠤᠯ ᠤᠨ ᠠᠷᠠᠳ ᠲᠦᠮᠡᠨ ᠢᠮᠠᠭᠲᠠ ᠲᠠᠯᠠᠷᠬᠠᠵᠤ᠂ ᠪᠠᠬᠠᠷᠬᠠᠨ ᠬᠦᠨᠳᠦᠳᠬᠡᠳᠡᠭ ᠭᠡᠳᠡᠭ ᠢ ᠲᠣᠳᠣᠳᠬᠠᠯ᠎ᠠ᠃
ᠠᠶᠤᠯ ᠣᠰᠤᠯ᠂ ᠰᠣᠷᠢᠯᠲᠠ ᠪᠡᠷᠬᠡᠰᠢᠶᠡᠯ᠂ ᠪᠠᠢᠢᠭᠠᠯᠢ ᠢᠢᠨ ᠭᠠᠮᠰᠢᠭ ᠲᠤᠯᠭᠠᠷᠠᠬᠤ ᠳᠤ ᠨᠡᠢᠢᠲᠡ ᠪᠡᠷ ᠢᠶᠡᠨ ᠰᠡᠳᠬᠢᠯ ᠵᠦᠢ ᠢᠢᠨ ᠪᠡᠯᠡᠳᠬᠡᠯ ᠲᠡᠢ ᠪᠠᠢᠢᠵᠤ᠂ ᠤᠯᠤᠰ ᠦᠨᠳᠦᠰᠦᠲᠡᠨ ᠢᠶᠡᠷ ᠢᠶᠡᠨ ᠨᠢᠭᠡᠳᠦᠨ ᠨᠢᠭ᠌ᠲᠠᠷᠠᠵᠤ᠂ ᠬᠦᠨᠳᠦᠷᠡᠯ᠂ ᠪᠡᠷᠬᠡᠰᠢᠶᠡᠯ ᠢ ᠳᠠᠪᠠᠨ ᠲᠤᠭᠤᠯᠬᠤ᠂ ᠰᠥᠷᠦᠨ ᠲᠡᠰᠪᠦᠷᠢᠯᠡᠬᠦ ᠴᠢᠳᠠᠪᠬᠢᠲᠠᠢ ᠪᠠᠢᠢᠬᠤ ᠵᠣᠷᠢᠯᠭ᠎ᠠ ᠪᠠᠷ «ᠦᠨᠳᠦᠰᠦᠨ ᠦ ᠰᠥᠷᠦᠨ ᠲᠡᠰᠪᠦᠷᠢᠯᠡᠬᠦ ᠰᠲ᠋ᠷᠠᠲ᠋ᠧᠭᠢ» ᠪᠣᠯᠪᠠᠰᠤᠷᠠᠭᠤᠯᠵᠤ ᠪᠠᠢᠢᠭ᠎ᠠ ᠶᠤᠮ᠃
ᠡᠨᠡ ᠰᠲ᠋ᠷᠠᠲ᠋ᠧᠭᠢ ᠢᠢ ᠪᠠᠲᠤᠯᠠᠭᠤᠯᠤᠨ ᠬᠡᠷᠡᠭᠵᠢᠭᠦᠯᠬᠦ ᠳᠥ ᠣᠨᠴᠤᠭᠤᠶ ᠪᠠᠢᠢᠳᠠᠯ ᠤᠨ ᠪᠠᠢᠢᠭᠤᠯᠤᠯᠭ᠎ᠠ ᠢᠢᠨ ᠮᠠᠩᠯᠠᠢᠢᠯᠠᠯ᠂ ᠬᠦᠴᠦᠨ ᠴᠢᠷᠮᠠᠢᠢᠯᠲᠠ ᠴᠢᠬᠤᠯᠠ ᠪᠣᠯᠬᠤ ᠢᠢ ᠲᠡᠮᠳᠡᠭᠯᠡᠯ᠎ᠡ᠃
ᠮᠠᠨ ᠤ ᠣᠷᠤᠨ ᠳᠤ ᠲᠣᠬᠢᠶᠠᠯᠳᠤᠭᠰᠠᠨ ᠨᠡᠢᠢᠲᠡ ᠠᠶᠤᠯᠲᠤ ᠦᠵᠡᠭᠳᠡᠯ᠂ ᠣᠰᠤᠯ ᠤᠨ 80 ᠣᠷᠴᠢᠮ ᠬᠤᠪᠢ ᠨᠢ ᠬᠦᠮᠦᠨ ᠦ ᠰᠠᠨᠠᠮᠰᠠᠷ ᠪᠣᠯᠭᠤᠮᠵᠢ ᠦᠭᠡᠢ ᠦᠢᠯᠡᠳᠦᠯ ᠡᠴᠡ ᠬᠠᠮᠢᠶᠠᠷᠤᠯ ᠲᠠᠢ ᠪᠠᠢᠢᠭ᠎ᠠ ᠭᠡᠰᠡᠨ ᠰᠤᠳᠤᠯᠭ᠎ᠠ ᠪᠠᠢᠢᠳᠠᠭ᠃
ᠡᠢᠢᠮᠦ ᠡᠴᠡ ᠠᠷᠠᠳ ᠢᠷᠭᠡᠳ ᠢᠶᠡᠨ ᠰᠣᠶᠣᠨ ᠭᠡᠭᠡᠷᠡᠭᠦᠯᠬᠦ᠂ ᠠᠯᠢᠪᠠ ᠠᠶᠤᠯ᠂ ᠡᠷᠦᠰᠳᠡᠯ ᠡᠴᠡ ᠤᠷᠢᠳᠴᠢᠯᠠᠨ ᠰᠡᠷᠭᠡᠢᠢᠯᠡᠬᠦ ᠳᠥ ᠪᠡᠯᠡᠨ ᠪᠠᠢᠢᠯᠭᠠᠬᠤ᠂ ᠢᠷᠭᠡᠨ ᠦ ᠡᠭᠦᠷᠭᠡ ᠪᠡᠨ ᠪᠡᠶᠡᠯᠡᠭᠦᠯᠬᠦ ᠳᠥ ᠨᠢ ᠲᠤᠰᠠᠯᠠᠬᠤ ᠱᠠᠭᠠᠷᠳᠠᠯᠭ᠎ᠠ ᠲᠠᠢ ᠢᠢ ᠬᠡᠯᠡᠯ᠎ᠡ᠃
ᠬᠢᠮᠡᠯ ᠣᠶᠤᠨ᠂ ᠳ᠋ᠢᠵᠢᠲ᠋ᠠᠯ ᠬᠠᠷᠢᠯᠴᠠᠭ᠎ᠠ᠂ ᠲᠣᠭ᠎ᠠ ᠢᠢᠨ ᠥᠭ᠍ᠭᠦᠭ᠍ᠳᠡᠯ᠂ ᠰᠠᠨᠰᠠᠷ ᠤᠨ ᠪᠣᠯᠤᠨ ᠣᠷᠤᠨ ᠵᠠᠶ ᠢᠢᠨ ᠮᠡᠳᠡᠭᠡᠯᠡᠯ ᠦᠨ ᠲᠧᠭᠨᠣᠯᠤᠭᠢ ᠠᠰᠢᠭᠯᠠᠬᠤ᠂ ᠡᠷᠢᠨ ᠬᠠᠢᠢᠬᠤ᠂ ᠠᠪᠤᠷᠠᠬᠤ ᠠᠵᠢᠯᠯᠠᠭᠠᠨ ᠳᠤ ᠭᠠᠯ ᠤᠨᠲᠠᠷᠠᠭᠠᠭᠴᠢ ᠷᠣᠪᠤᠲ᠂ ᠨᠢᠰᠬᠡᠭ᠍ᠴᠢ ᠦᠭᠡᠢ ᠨᠢᠰᠬᠦ ᠲᠥᠬᠦᠭᠡᠷᠦᠮᠵᠢ ᠨᠡᠪᠲᠡᠷᠡᠭᠦᠯᠵᠦ᠂ ᠠᠯᠪᠠ ᠬᠠᠭᠠᠭᠴᠢᠳ ᠤᠨ ᠠᠵᠢᠯ ᠢ ᠬᠥᠩ᠋ᠭᠡᠪᠴᠢᠯᠡᠬᠦ᠂ ᠠᠮᠢ ᠨᠠᠰᠤ᠂ ᠡᠷᠡᠭᠦᠯ ᠮᠡᠨᠳᠦ ᠢᠢ ᠬᠠᠮᠠᠭᠠᠯᠠᠬᠤ ᠨᠢ ᠴᠢᠬᠤᠯᠠ ᠭᠡᠳᠡᠭ ᠢ ᠣᠨᠴᠠᠯᠠᠯ᠎ᠠ᠃

ᠣᠨᠴᠤᠭᠤᠶ ᠪᠠᠢᠢᠳᠠᠯ ᠤᠨ ᠬᠢᠨ 45 ᠮᠢᠩ᠋ᠭ᠎ᠠ ᠭᠠᠷᠤᠶ ᠬᠦᠮᠦᠨ ᠦ ᠠᠮᠢ ᠨᠠᠰᠤ᠂ 1·6 ᠶᠡᠬᠡ ᠨᠠᠶᠤᠳ ᠲᠥᠭᠦᠷᠢᠭ᠌ ᠦᠨ ᠥᠮᠴᠢ ᠬᠥᠷᠦᠩ᠋ᠭᠡ ᠢᠢ ᠠᠪᠤᠷᠠᠨ ᠬᠠᠮᠠᠭᠠᠯᠠᠵᠠᠶ
ᠣᠨᠴᠤᠭᠤᠶ ᠪᠠᠢᠢᠳᠠᠯ ᠤᠨ ᠠᠯᠪᠠᠨ ᠤ ᠠᠯᠪᠠ ᠬᠠᠭᠠᠭᠴᠢᠳ 21 ᠵᠢᠯ ᠦᠨ ᠬᠤᠭᠤᠴᠠᠭᠠᠨ ᠳᠤ 45·153 ᠬᠦᠮᠦᠨ ᠦ ᠠᠮᠢ ᠨᠠᠰᠤ᠂ 1·6 ᠶᠡᠬᠡ ᠨᠠᠶᠤᠳ ᠲᠥᠭᠦᠷᠢᠭ᠌ ᠦᠨ ᠡᠳ᠋ ᠬᠥᠷᠦᠩ᠋ᠭᠡ ᠢᠢ ᠠᠪᠤᠷᠠᠨ ᠬᠠᠮᠠᠭᠠᠯᠠᠵᠠᠶ᠃
ᠠᠯᠪᠠᠨ ᠤ ᠬᠡᠮᠵᠢᠶᠡᠨ ᠳᠥ ᠥᠩ᠋ᠭᠡᠷᠡᠭᠰᠡᠨ ᠬᠤᠭᠤᠴᠠᠭᠠᠨ ᠳᠤ ᠠᠪᠤᠷᠠᠬᠤ ᠲᠤᠰᠬᠠᠶ ᠵᠣᠷᠢᠭᠤᠯᠤᠯᠲᠠ ᠢᠢᠨ ᠬᠤᠪᠴᠠᠰᠤ ᠬᠡᠷᠡᠭᠯᠡᠯ ᠦᠨ ᠬᠠᠩ᠋ᠭᠠᠯᠲᠠ ᠳᠤ 8·8 ᠲᠡᠷᠪᠤᠮ᠂ ᠲᠤᠰᠬᠠᠶ ᠵᠣᠷᠢᠭᠤᠯᠤᠯᠲᠠ ᠢᠢᠨ ᠲᠧᠭᠨᠢᠭ᠂ ᠲᠣᠨᠤᠭ ᠲᠥᠬᠦᠭᠡᠷᠦᠮᠵᠢ ᠢᠢᠨ ᠬᠠᠩ᠋ᠭᠠᠯᠲᠠ ᠳᠤ 18·7 ᠲᠡᠷᠪᠤᠮ ᠲᠥᠭᠦᠷᠢᠭ᠌ ᠵᠠᠷᠤᠴᠠᠭᠤᠯᠵᠠᠶ᠃
ᠬᠤᠪᠴᠠᠰᠤᠨ ᠤ ᠬᠠᠩ᠋ᠭᠠᠯᠲᠠ 19·6 ᠬᠤᠪᠢ᠂ ᠲᠧᠭᠨᠢᠭ᠂ ᠲᠣᠨᠤᠭ ᠲᠥᠬᠦᠭᠡᠷᠦᠮᠵᠢ ᠢᠢᠨ ᠬᠠᠩ᠋ᠭᠠᠯᠲᠠ 29·4 ᠬᠤᠪᠢ ᠪᠠᠷ ᠨᠡᠮᠡᠭᠳᠡᠭᠰᠡᠨ ᠢᠶᠡᠷ ᠲᠤᠰᠬᠠᠶ ᠵᠣᠷᠢᠭᠤᠯᠤᠯᠲᠠ ᠢᠢᠨ ᠬᠤᠪᠴᠠᠰᠤᠨ ᠤ ᠬᠠᠩ᠋ᠭᠠᠯᠲᠠ 38·2 ᠬᠤᠪᠢ᠂ ᠲᠧᠭᠨᠢᠭ᠂ ᠲᠣᠨᠤᠭ ᠲᠥᠬᠦᠭᠡᠷᠦᠮᠵᠢ ᠢᠢᠨ ᠬᠠᠩ᠋ᠭᠠᠯᠲᠠ 44·7 ᠬᠤᠪᠢ ᠳᠤ ᠬᠦᠷᠴᠡᠶ᠃
ᠭᠠᠯ ᠤᠨᠲᠠᠷᠠᠭᠠᠬᠤ᠂ ᠠᠪᠤᠷᠠᠬᠤ ᠠᠵᠢᠯᠯᠠᠭᠠᠨ ᠤ ᠲᠤᠰᠬᠠᠶ ᠵᠣᠷᠢᠭᠤᠯᠤᠯᠲᠠ ᠢᠢᠨ ᠠᠦ᠋ᠲ᠋ᠣᠮᠠᠱᠢᠨ᠂ ᠲᠧᠭᠨᠢᠭ᠂ ᠲᠣᠨᠤᠭ ᠲᠥᠬᠦᠭᠡᠷᠦᠮᠵᠢ ᠢᠢᠨ ᠬᠠᠩ᠋ᠭᠠᠯᠲᠠ 63 ᠬᠤᠪᠢ ᠲᠠᠢ ᠪᠠᠢᠢᠨ᠎ᠠ᠃ ᠣᠹᠢᠼᠧᠷ ᠪᠦᠷᠢᠯᠳᠦᠬᠦᠨ ᠦ ᠴᠠᠯᠢᠩ 103 ᠬᠤᠪᠢ᠂ ᠠᠬᠠᠯᠠᠭᠴᠢ ᠪᠦᠷᠢᠯᠳᠦᠬᠦᠨ ᠦ ᠴᠠᠯᠢᠩ 117 ᠬᠤᠪᠢ ᠨᠡᠮᠡᠭᠳᠡᠭᠰᠡᠨ᠃
2025-2028 ᠣᠨ ᠳᠤ ᠠᠪᠤᠷᠠᠬᠤ ᠠᠵᠢᠯᠯᠠᠭᠠᠨ ᠤ ᠪᠠᠭᠠᠵᠢ ᠬᠡᠷᠡᠭᠰᠡᠯ ᠦᠨ ᠬᠠᠩ᠋ᠭᠠᠯᠲᠠ ᠢᠢ 60᠂ ᠲᠤᠰᠬᠠᠶ ᠵᠣᠷᠢᠭᠤᠯᠤᠯᠲᠠ ᠢᠢᠨ ᠬᠤᠪᠴᠠᠰᠤ ᠬᠡᠷᠡᠭᠯᠡᠯ 85᠂ ᠭᠠᠯ ᠤᠨᠲᠠᠷᠠᠭᠠᠬᠤ ᠠᠦ᠋ᠲ᠋ᠣᠮᠠᠱᠢᠨ 65᠂ ᠬᠣᠯᠪᠤᠭ᠎ᠠ᠂ ᠵᠠᠷᠯᠠᠨ ᠮᠡᠳᠡᠭᠡᠯᠡᠯ ᠦᠨ ᠲᠣᠨᠤᠭ ᠲᠥᠬᠦᠭᠡᠷᠦᠮᠵᠢ ᠢᠢᠨ ᠬᠠᠩ᠋ᠭᠠᠯᠲᠠ ᠢᠢ 80 ᠬᠤᠪᠢ ᠳᠤ ᠬᠦᠷᠭᠡᠬᠦ ᠶᠤᠮ᠃
ᠣᠨᠴᠤᠭᠤᠶ ᠪᠠᠢᠢᠳᠠᠯ ᠤᠨ ᠪᠠᠢᠢᠭᠤᠯᠤᠯᠭ᠎ᠠ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ 2030 ᠣᠨ ᠬᠦᠷᠲᠡᠯ᠎ᠡ 10 ᠰᠠᠶ᠎ᠠ ᠮᠣᠳᠤ ᠲᠠᠷᠢᠵᠤ ᠤᠷᠭᠤᠭᠤᠯᠬᠤ ᠵᠣᠷᠢᠯᠲᠠ ᠲᠠᠯᠪᠢᠨ ᠠᠵᠢᠯᠯᠠᠵᠤ ᠪᠠᠢᠢᠨ᠎ᠠ᠃


