ᠣᠨᠴᠤᠭᠤᠶ ᠪᠠᠢᠢᠳᠠᠯ ᠤᠨ ᠪᠠᠢᠢᠭᠤᠯᠤᠯᠭ᠎ᠠ ᠢᠢᠨ 21 ᠵᠢᠯ ᠦᠨ ᠣᠢ ᠢᠢᠨ ᠡᠨᠡ ᠡᠳᠦᠷ «ᠣᠨᠴᠤᠭᠤᠶ ᠪᠠᠢᠢᠳᠠᠯ ᠤᠨ ᠠᠯᠪᠠᠨ ᠤ ᠠᠩᠬᠠᠨ ᠤ ᠰᠠᠢᠢᠳ ᠤᠨ ᠨᠡᠷᠡᠮᠵᠢᠲᠦ ᠱᠠᠩᠨᠠᠯ» ᠢ ᠴᠢᠩ᠋ᠭᠢᠯᠲᠡᠶ ᠳᠡᠭᠦᠷᠭᠡ ᠢᠢᠨ ᠣᠨᠴᠤᠭᠤᠶ ᠪᠠᠢᠢᠳᠠᠯ ᠤᠨ ᠬᠡᠯᠲᠡᠰ ᠦᠨ ᠭᠠᠯ ᠲᠦᠢᠮᠡᠷ ᠤᠨᠲᠠᠷᠠᠭᠠᠬᠤ᠂ ᠠᠪᠤᠷᠠᠬᠤ 10 ᠳ᠋ᠤᠭᠠᠷ ᠠᠩ᠋ᠭᠢ ᠢᠢᠨ ᠰᠠᠯᠠᠭᠠᠨ ᠤ ᠵᠠᠬᠢᠷᠤᠭᠴᠢ᠂ ᠳᠡᠰᠯᠡᠭᠴᠢ ᠳ᠊·ᠭᠠᠩᠵᠣᠷᠢᠭ ᠬᠦᠷᠲᠡᠵᠦ᠂ 25 ᠰᠠᠶ᠎ᠠ ᠲᠥᠭᠦᠷᠢᠭ᠌ ᠢᠶᠡᠷ ᠱᠠᠩᠨᠠᠭᠤᠯᠤᠯᠠ᠃
ᠱᠠᠩᠨᠠᠯ ᠢ ᠣᠨᠴᠤᠭᠤᠶ ᠪᠠᠢᠢᠳᠠᠯ ᠤᠨ ᠠᠯᠪᠠᠨ ᠤ ᠠᠩᠬᠠᠨ ᠤ ᠰᠠᠢᠢᠳ᠂ ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤ·ᠬᠦᠷᠡᠯᠰᠦ᠋ᠬᠡ ᠭᠠᠷᠳᠠᠭᠤᠯᠤᠯ᠎ᠠ᠃
ᠳ᠊·ᠭᠠᠩᠵᠣᠷᠢᠭ ᠨᠢ 2004-2018 ᠣᠨ ᠳᠤ ᠴᠢᠩ᠋ᠭᠢᠯᠲᠡᠶ ᠳᠡᠭᠦᠷᠭᠡ ᠢᠢᠨ ᠣᠨᠴᠤᠭᠤᠶ ᠪᠠᠢᠢᠳᠠᠯ ᠤᠨ ᠬᠡᠯᠲᠡᠰ ᠦᠨ ᠭᠠᠯ ᠲᠦᠢᠮᠡᠷ ᠤᠨᠲᠠᠷᠠᠭᠠᠬᠤ᠂ ᠠᠪᠤᠷᠠᠬᠤ 10 ᠳ᠋ᠤᠭᠠᠷ ᠠᠩ᠋ᠭᠢ ᠳᠤ ᠭᠠᠯ ᠰᠥᠨᠦᠭᠡᠭ᠍ᠴᠢ᠂ 2018-2024 ᠣᠨ ᠳᠤ ᠰᠠᠯᠠᠭᠠᠨ ᠤ ᠵᠠᠬᠢᠷᠤᠭᠴᠢ ᠢᠢᠨ ᠲᠤᠰᠠᠯᠠᠬᠤ᠂ 2024 ᠣᠨ ᠠᠴᠠ ᠰᠠᠯᠠᠭᠠᠨ ᠤ ᠵᠠᠬᠢᠷᠤᠭᠴᠢ ᠪᠠᠷ ᠠᠵᠢᠯᠯᠠᠵᠤ ᠪᠠᠢᠢᠨ᠎ᠠ᠃
ᠰᠡᠭᠦᠯ ᠦᠨ ᠭᠤᠷᠪᠠᠨ ᠵᠢᠯ ᠳᠥ 886 ᠤᠳᠠᠭ᠎ᠠ ᠢᠢᠨ ᠭᠠᠮᠰᠢᠭ᠂ ᠠᠶᠤᠯᠲᠤ ᠦᠵᠡᠭᠳᠡᠯ᠂ ᠣᠰᠤᠯ ᠤᠨ ᠳᠠᠭᠤᠳᠠᠯᠭ᠎ᠠ ᠪᠠᠷ ᠠᠵᠢᠯᠯᠠᠵᠤ᠂ 245 ᠬᠦᠮᠦᠨ ᠦ ᠠᠮᠢ ᠨᠠᠰᠤ᠂ ᠠᠵᠤ ᠠᠬᠤᠶ ᠢᠢᠨ ᠨᠢᠭᠡᠴᠡ᠂ ᠪᠠᠢᠢᠭᠤᠯᠤᠯᠭ᠎ᠠ ᠢᠢᠨ ᠬᠣᠶᠠᠷ ᠲᠡᠷᠪᠤᠮ ᠲᠥᠭᠦᠷᠢᠭ᠌ ᠦᠨ ᠡᠳ᠋ ᠬᠥᠷᠦᠩ᠋ᠭᠡ ᠢᠢ ᠠᠪᠤᠷᠠᠨ ᠬᠠᠮᠠᠭᠠᠯᠠᠵᠤ᠂ 100 ᠭᠠᠷᠤᠶ ᠬᠦᠨᠳᠦ ᠡᠮᠨᠡᠯᠭᠡ ᠢᠢᠨ ᠠᠩᠬᠠᠨ ᠱᠠᠲᠤᠨ ᠤ ᠲᠤᠰᠠᠯᠠᠮᠵᠢ ᠦᠵᠡᠭᠦᠯᠵᠡᠶ᠃
ᠪᠦᠭᠦᠳᠡ ᠨᠠᠢᠢᠷᠠᠮᠳᠠᠬᠤ ᠡᠮᠦᠨᠡᠳᠦ ᠰᠦᠳ᠋ᠠᠨ ᠤᠯᠤᠰ ᠳ᠋ᠠᠬᠢ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠡᠩᠬᠡ ᠢᠢ ᠰᠠᠬᠢᠭᠤᠯᠬᠤ «UNMMISS» ᠠᠵᠢᠯᠯᠠᠭᠠᠨ ᠳᠤ 2020-2021 ᠣᠨ ᠳᠤ ᠡᠭᠦᠷᠭᠡ ᠭᠦᠢᠴᠡᠳᠬᠡᠭ᠍ᠰᠡᠨ᠃
2005 ᠣᠨ ᠠᠴᠠ ᠭᠠᠯ ᠤᠨᠲᠠᠷᠠᠭᠠᠬᠤ ᠲᠧᠭᠨᠢᠭ ᠰᠫᠣᠷᠲ ᠢᠶᠠᠷ ᠲᠠᠰᠤᠷᠠᠯᠲᠠ ᠦᠭᠡᠢ ᠬᠢᠴᠢᠶᠡᠯᠯᠡᠨ᠂ ᠪᠦᠰᠡ᠂ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠥ ᠣᠷᠤᠯᠴᠠᠵᠤ᠂ ᠣᠯᠠᠨ ᠤᠯᠤᠰ ᠤᠨ ᠬᠡᠮᠵᠢᠶᠡᠨ ᠦ ᠮᠠᠰᠲ᠋ᠧᠷ ᠴᠣᠯᠠ ᠬᠦᠷᠲᠡᠭᠰᠡᠨ᠃
2023᠂ 2024 ᠣᠨ ᠳᠤ ᠲᠦᠷᠻ᠂ ᠬᠢᠲᠠᠳ ᠲᠤ ᠪᠣᠯᠤᠭᠰᠠᠨ ᠳᠡᠯᠡᠬᠡᠶ ᠢᠢᠨ ᠠᠪᠤᠷᠭᠤ ᠰᠢᠯᠭᠠᠷᠠᠭᠤᠯᠬᠤ ᠭᠠᠯ ᠤᠨᠲᠠᠷᠠᠭᠠᠬᠤ ᠲᠧᠭᠨᠢᠭ ᠦᠨ ᠣᠯᠠᠨ ᠲᠥᠷᠦᠯᠲᠡ ᠰᠫᠣᠷᠲ ᠤᠨ ᠲᠡᠮᠡᠴᠡᠭᠡᠨ ᠳᠥ ᠮᠣᠩ᠋ᠭᠤᠯ ᠤᠯᠤᠰ ᠤᠨ ᠰᠢᠭᠰᠢᠭᠡ ᠪᠠᠭ ᠤᠨ ᠳᠠᠰᠬᠠᠯᠵᠢᠭᠤᠯᠤᠭᠴᠢ ᠪᠠᠷ ᠠᠵᠢᠯᠯᠠᠵᠤ᠂ 4х100 ᠮᠧᠲ᠋ᠷ ᠦᠨ ᠪᠤᠤᠬᠢᠶ᠎ᠠ ᠲᠥᠷᠦᠯ ᠳᠥ ᠤᠯᠤᠰ ᠤᠨ ᠳᠡᠭᠡᠳᠦ ᠠᠮᠵᠢᠯᠲᠠ ᠲᠣᠭᠲᠠᠭᠠᠵᠠᠶ᠃