Та "Internet explorer"-ийн сүүлийн хувилбар болох "Microsoft edge"-г ашиглана уу

Хэрэв "Microsoft edge"-г татах бол энд дарж татаж авна уу

ᠪᠦᠭᠦᠳᠡ ᠨᠠᠢᠢᠷᠠᠮᠳᠠᠬᠤ ᠦᠽᠪᠧᠻᠰᠲ᠋ᠠᠨ ᠤᠯᠤᠰ ᠤᠨ ᠶᠡᠷᠦᠩᠬᠡᠢᠢᠯᠡᠭᠴᠢ ᠱᠠ᠊· ᠮᠢᠷᠽᠢᠶᠣᠶᠧᠸ ᠤᠨ ᠲᠥᠷᠦ ᠢᠢᠨ ᠠᠢᠢᠯᠴᠢᠯᠠᠯ ᠥᠨᠳᠦᠷᠯᠡᠯ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠬᠦᠷᠦᠯᠴᠡᠨ ᠢᠷᠡᠭᠰᠡᠨ ᠪᠦᠭᠦᠳᠡ ᠨᠠᠢᠢᠷᠠᠮᠳᠠᠬᠤ ᠦᠽᠪᠧᠻᠰᠲ᠋ᠠᠨ ᠤᠯᠤᠰ ᠤᠨ ᠶᠡᠷᠦᠩᠬᠡᠢᠢᠯᠡᠭᠴᠢ ᠱᠠᠸᠻᠠᠲ᠋ ᠮᠢᠷᠽᠢᠶᠣᠶᠧᠸ ᠤᠨ ᠲᠥᠷᠦ ᠢᠢᠨ ᠠᠢᠢᠯᠴᠢᠯᠠᠯ ᠥᠨᠳᠦᠷᠯᠡᠯ᠎ᠡ᠃

ᠶᠡᠷᠦᠩᠬᠡᠢᠢᠯᠡᠭᠴᠢ ᠱᠠᠸᠻᠠᠲ᠋ ᠮᠢᠷᠽᠢᠶᠣᠶᠧᠸ ᠬᠣᠶᠠᠷ ᠤᠯᠤᠰ ᠤᠨ ᠬᠣᠭᠤᠷᠤᠨᠳᠤ 1992 ᠣᠨ ᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠠᠴᠠ ᠬᠣᠢᠢᠰᠢᠬᠢ ᠬᠤᠭᠤᠴᠠᠭᠠᠨ ᠳᠤ ᠲᠥᠷᠦ ᠢᠢᠨ ᠲᠡᠷᠢᠭᠦᠨ ᠦ ᠬᠤᠪᠢ ᠪᠠᠷ ᠠᠩᠬ᠎ᠠ ᠤᠳᠠᠭ᠎ᠠ ᠲᠥᠷᠦ ᠢᠢᠨ ᠠᠢᠢᠯᠴᠢᠯᠠᠯ ᠬᠢᠯ᠎ᠡ᠃

ᠲᠥᠷᠦ ᠢᠢᠨ ᠲᠡᠷᠢᠭᠦᠨ ᠨᠠᠷ ᠭᠠᠭᠴᠠᠭᠠᠷᠴᠢᠯᠠᠭᠰᠠᠨ ᠠᠭᠤᠯᠵᠠᠯᠲᠠ ᠪᠣᠯᠤᠨ ᠠᠯᠪᠠᠨ ᠶᠣᠰᠤᠨ ᠤ ᠬᠡᠯᠡᠯᠴᠡᠭᠡ ᠬᠢᠵᠦ᠂ ᠨᠠᠢᠢᠷᠰᠠᠭ ᠬᠠᠷᠢᠯᠴᠠᠭ᠎ᠠ᠂ ᠬᠠᠷᠢᠯᠴᠠᠨ ᠠᠰᠢᠭᠲᠠᠢ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ᠂ ᠪᠦᠰᠡ ᠨᠤᠲᠤᠭ᠂ ᠣᠯᠠᠨ ᠤᠯᠤᠰ ᠤᠨ ᠲᠠᠪᠴᠠᠩ ᠳ᠋ᠠᠬᠢ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠬᠦ ᠲᠠᠯ᠎ᠠ ᠪᠠᠷ ᠶᠠᠷᠢᠯᠴᠠᠯ᠎ᠠ᠃

ᠬᠣᠶᠠᠷ ᠤᠯᠤᠰ ᠤᠨ ᠶᠡᠷᠦᠩᠬᠡᠢᠢᠯᠡᠭᠴᠢ «ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠦᠽᠪᠧᠻᠰᠲ᠋ᠠᠨ ᠤᠯᠤᠰ ᠤᠨ ᠢᠵᠢ ᠪᠦᠷᠢᠨ ᠲᠦᠩᠰᠢᠯᠡᠯ ᠦᠨ ᠬᠠᠮᠲᠤ ᠢᠢᠨ ᠠᠵᠢᠯᠯᠠᠭᠠᠨ ᠤ ᠲᠤᠬᠠᠶ ᠬᠠᠮᠲᠤᠷᠠᠭᠰᠠᠨ ᠲᠤᠩᠬᠠᠭᠯᠠᠯ» ᠳ᠋ᠤ ᠭᠠᠷ ᠤᠨ ᠦᠰᠦᠭ ᠵᠢᠷᠤᠵᠤ᠂ ᠬᠠᠷᠢᠯᠴᠠᠭᠠᠨ ᠤ ᠲᠥᠪᠰᠢᠨ ᠢ ᠱᠠᠲᠤ ᠠᠬᠢᠭᠤᠯᠤᠨ᠂ «ᠢᠵᠢ ᠪᠦᠷᠢᠨ ᠲᠦᠩᠰᠢᠯᠡᠯ» ᠳ᠋ᠥ ᠬᠦᠷᠭᠡᠯ᠎ᠡ᠃

ᠲᠠᠯ᠎ᠠ ᠨᠤᠭᠤᠳ ᠬᠠᠷᠢᠯᠴᠠᠭᠠᠨ ᠤ ᠡᠷᠬᠡ ᠵᠦᠢ ᠢᠢᠨ ᠦᠨᠳᠦᠰᠦ ᠢᠢ ᠪᠡᠬᠢᠵᠢᠭᠦᠯᠵᠦ᠂ ᠠᠭᠤᠯᠠ ᠠᠭᠤᠷᠬᠠᠶ᠂ ᠪᠠᠢᠢᠭᠠᠯᠢ ᠣᠷᠴᠢᠨ᠂ ᠪᠣᠯᠪᠠᠰᠤᠷᠠᠯ᠂ ᠰᠢᠨᠵᠢᠯᠡᠬᠦ ᠤᠬᠠᠭᠠᠨ᠂ ᠰᠣᠶᠤᠯ᠂ ᠡᠷᠡᠭᠦᠯ ᠮᠡᠨᠳᠦ᠂ ᠤᠷᠭᠤᠮᠠᠯ ᠤᠨ ᠬᠣᠷᠢᠭ᠎ᠠ ᠴᠡᠭᠡᠷ ᠵᠡᠷᠭᠡ ᠰᠠᠯᠪᠤᠷᠢ ᠢᠢᠨ ᠬᠠᠷᠢᠯᠴᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠳᠥ ᠴᠢᠭᠯᠡᠭᠰᠡᠨ ᠵᠠᠰᠠᠭ ᠤᠨ ᠭᠠᠵᠠᠷ ᠪᠣᠯᠤᠨ ᠪᠠᠢᠢᠭᠤᠯᠤᠯᠭ᠎ᠠ ᠬᠣᠭᠤᠷᠤᠨᠳᠤ ᠢᠢᠨ ᠪᠠᠷᠢᠮᠲᠠ ᠪᠢᠴᠢᠭ᠌ ᠦᠳ ᠲᠥ ᠭᠠᠷ ᠤᠨ ᠦᠰᠦᠭ ᠵᠢᠷᠤᠯ᠎ᠠ᠃

ᠠᠢᠢᠯᠴᠢᠯᠠᠯ ᠤᠨ ᠬᠦᠷᠢᠶᠡᠨ ᠳᠥ «ᠮᠣᠩ᠋ᠭᠤᠯ-ᠦᠽᠪᠧᠻᠰᠲ᠋ᠠᠨ ᠤ ᠠᠶᠠᠯᠠᠯ ᠵᠢᠭᠤᠯᠴᠢᠯᠠᠯ ᠤᠨ ᠹᠣᠷᠦᠢᠮ»᠂ «ᠮᠣᠩ᠋ᠭᠤᠯ-ᠦᠽᠪᠧᠻᠰᠲ᠋ᠠᠨ ᠤ ᠪᠢᠽᠢᠨᠧᠰ ᠹᠣᠷᠦᠢᠮ»᠂ «ᠦᠽᠪᠧᠻᠰᠲ᠋ᠠᠨ ᠤ ᠰᠣᠶᠤᠯ ᠤᠨ ᠲᠣᠭᠯᠠᠯᠲᠠ»᠂ ᠹᠣᠲ᠋ᠣ‍ ᠵᠢᠷᠤᠭ ᠤᠨ ᠦᠵᠡᠰᠬᠦᠯᠡᠩ ᠪᠣᠯᠤᠨ ᠦᠽᠪᠧᠻ ᠦᠨᠳᠦᠰᠦᠨ ᠦ ᠬᠣᠭᠤᠯᠠᠨ ᠤ ᠡᠳᠦᠷᠯᠢᠭ ᠢ ᠵᠣᠬᠢᠶᠠᠨ ᠪᠠᠢᠢᠭᠤᠯᠤᠯ᠎ᠠ᠃

ᠶᠡᠷᠦᠩᠬᠡᠢᠢᠯᠡᠭᠴᠢ ᠱᠠᠸᠻᠠᠲ᠋ ᠮᠢᠷᠽᠢᠶᠣᠶᠧᠸ ᠂ ᠭᠡᠷᠭᠡᠶ ᠽᠢᠣᠷᠠᠲ᠋ ᠮᠢᠷᠽᠢᠶᠣᠶᠧᠸᠠ ᠨᠠᠷ ᠢ ᠭᠠᠳᠠᠭᠠᠳᠤ ᠬᠠᠷᠢᠯᠴᠠᠭᠠᠨ ᠤ ᠰᠠᠢᠢᠳ ᠪᠠ᠊·ᠪᠠᠲᠤᠴᠡᠴᠡᠭ᠌᠂ ᠮᠣᠩ᠋ᠭᠤᠯ ᠤᠯᠤᠰ ᠠᠴᠠ ᠪᠦᠭᠦᠳᠡ ᠨᠠᠢᠢᠷᠠᠮᠳᠠᠬᠤ ᠦᠽᠪᠧᠻᠰᠲ᠋ᠠᠨ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠳᠠ᠊·ᠪᠠᠲᠤᠪᠠᠭᠠᠲᠤᠷ᠂ ᠪᠦᠭᠦᠳᠡ ᠨᠠᠢᠢᠷᠠᠮᠳᠠᠬᠤ ᠦᠽᠪᠧᠻᠰᠲ᠋ᠠᠨ ᠤᠯᠤᠰ ᠠᠴᠠ ᠮᠣᠩ᠋ᠭᠤᠯ ᠤᠯᠤᠰ ᠲᠤ ᠬᠠᠪᠰᠤᠷᠤᠨ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠹᠠ᠊·ᠠᠷᠽᠢᠶᠧᠸ ᠲᠡᠷᠢᠭᠦᠲᠡᠢ ᠠᠯᠪᠠᠨ ᠤ ᠬᠦᠮᠦᠰ ᠦᠳᠡᠵᠦ ᠮᠣᠷᠳᠠᠭᠤᠯᠤᠯ᠎ᠠ᠃