Та "Internet explorer"-ийн сүүлийн хувилбар болох "Microsoft edge"-г ашиглана уу

Хэрэв "Microsoft edge"-г татах бол энд дарж татаж авна уу

ᠶᠡᠷᠦᠩᠬᠡᠢᠢᠯᠡᠭᠴᠢ ᠤ·ᠬᠦᠷᠡᠯᠰᠦ᠋ᠬᠡ ᠣᠯᠠᠨ ᠤᠯᠤᠰ ᠤᠨ ᠰᠠᠭᠰᠤᠨ ᠪᠥᠮᠪᠦᠭᠡ ᠢᠢᠨ ᠬᠣᠯᠪᠤᠭᠠᠨ ᠤ ᠲᠡᠷᠢᠭᠦᠨ ᠢ ᠬᠦᠯᠢᠶᠡᠨ ᠠᠪᠴᠤ ᠠᠭᠤᠯᠵᠠᠯ᠎ᠠ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠯᠠᠨ ᠤᠯᠤᠰ ᠤᠨ ᠰᠠᠭᠰᠤᠨ ᠪᠥᠮᠪᠦᠭᠡ ᠢᠢᠨ ᠬᠣᠯᠪᠤᠭᠠᠨ ᠤ ᠶᠡᠷᠦᠩᠬᠡᠢᠢᠯᠡᠭᠴᠢ ᠱᠧᠢᠢᠾ ᠰᠠᠦ᠋ᠳ᠋ ᠠᠯᠢ ᠠᠯᠢ ᠲᠠᠨᠢ ᠪᠣᠯᠤᠨ 3х3 ᠲᠥᠷᠦᠯ ᠬᠠᠷᠢᠭᠤᠴᠠᠭᠰᠠᠨ ᠭᠦᠢᠴᠡᠳᠬᠡᠬᠦ ᠵᠠᠬᠢᠷᠤᠯ ᠠᠯᠧᠻᠰ ᠰᠠᠨ᠋ᠴᠧᠰ ᠮᠣᠯᠯᠢᠨ᠋ᠭᠧᠷ ᠨᠠᠷ ᠢ ᠬᠦᠯᠢᠶᠡᠨ ᠠᠪᠴᠤ ᠠᠭᠤᠯᠵᠠᠯ᠎ᠠ᠃

ᠮᠣᠩ᠋ᠭᠤᠯ ᠬᠡᠦᠬᠡᠳ ᠪᠠᠭᠠᠴᠤᠳ᠂ ᠵᠠᠯᠠᠭᠤᠰ ᠤᠨ ᠳᠤᠮᠳᠠ ᠰᠠᠭᠰᠤᠨ ᠪᠥᠮᠪᠦᠭᠡ ᠢᠢᠨ ᠰᠫᠣᠷᠲ ᠢᠶᠠᠷ ᠬᠢᠴᠢᠶᠡᠯᠯᠡᠬᠦ ᠰᠣᠨᠢᠷᠬᠠᠯ ᠵᠢᠯ ᠡᠴᠡ ᠵᠢᠯ ᠳᠥ ᠨᠡᠮᠡᠭᠳᠡᠵᠦ᠂ ᠪᠠᠭ ᠲᠠᠮᠢᠷᠴᠢᠳ ᠡᠬᠡ ᠣᠷᠤᠨ ᠤ ᠪᠠᠨ ᠨᠡᠷ᠎ᠡ ᠢᠢ ᠣᠯᠠᠨ ᠤᠯᠤᠰ ᠲᠤ ᠳᠠᠭᠤᠷᠢᠰᠬᠠᠵᠤ ᠪᠠᠢᠢᠭ᠎ᠠ ᠢᠢ ᠶᠡᠷᠦᠩᠬᠡᠢᠢᠯᠡᠭᠴᠢ ᠲᠡᠮᠳᠡᠭᠯᠡᠯ᠎ᠡ᠃ ᠡᠭᠦᠨ ᠳᠥ ᠣᠯᠠᠨ ᠤᠯᠤᠰ ᠤᠨ ᠰᠠᠭᠰᠤᠨ ᠪᠥᠮᠪᠦᠭᠡ ᠢᠢᠨ ᠬᠣᠯᠪᠤᠭᠠᠨ ᠤ ᠳᠡᠮᠵᠢᠯᠭᠡ᠂ ᠲᠤᠰᠠᠯᠠᠯᠴᠠᠭ᠎ᠠ ᠴᠢᠬᠤᠯᠠ ᠬᠤᠪᠢ ᠨᠡᠮᠡᠷᠢ ᠣᠷᠤᠭᠤᠯᠵᠤ ᠪᠠᠢᠢᠭ᠎ᠠ ᠳᠤ ᠲᠠᠯᠠᠷᠬᠠᠯ ᠢᠯᠡᠷᠬᠡᠢᠢᠯᠡᠪᠡ᠃

ᠣᠯᠠᠨ ᠤᠯᠤᠰ ᠲᠤ ᠨᠡᠷ᠎ᠡ ᠬᠦᠨᠳᠦ ᠲᠡᠢ «FIBA 3×3 Women’s Series Ulaanbaatar Stop»᠂ «FIBA 3×3 World Tour Ulaanbaatar»᠂ «FIBA 3×3 World Cup» ᠭᠡᠰᠡᠨ ᠭᠤᠷᠪᠠᠨ ᠲᠡᠮᠡᠴᠡᠭᠡᠨ ᠢ ᠡᠬᠡ ᠣᠷᠤᠨ ᠳᠤ ᠪᠠᠨ ᠵᠣᠬᠢᠶᠠᠨ ᠪᠠᠢᠢᠭᠤᠯᠤᠭᠰᠠᠨ ᠠᠩᠬᠠᠨ ᠤ ᠤᠯᠤᠰ ᠪᠣᠯᠵᠤ ᠪᠠᠢᠢᠭ᠎ᠠ ᠢᠢ ᠣᠨᠴᠠᠯᠠᠯ᠎ᠠ᠃

ᠡᠨᠡ ᠡᠳᠦᠷ ᠦᠳ ᠲᠥ ᠤᠯᠠᠭᠠᠨᠪᠠᠭᠠᠲᠤᠷ ᠬᠣᠲᠠᠨ᠎ᠠ ᠪᠣᠯᠵᠤ ᠪᠠᠢᠢᠭ᠎ᠠ 3х3 ᠲᠥᠷᠦᠯ ᠦᠨ ᠳᠡᠯᠡᠬᠡᠶ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠥ 27 ᠣᠷᠤᠨ ᠤ 40 ᠪᠠᠭ ᠤᠨ 160 ᠣᠷᠴᠢᠮ ᠲᠠᠮᠢᠷᠴᠢᠨ ᠥᠷᠢᠰᠦᠯᠳᠦᠵᠦ ᠪᠠᠢᠢᠨ᠎ᠠ᠃

ᠮᠣᠩ᠋ᠭᠤᠯ ᠤᠯᠤᠰ ᠡᠨᠡ ᠲᠡᠮᠡᠴᠡᠭᠡᠨ ᠢ ᠠᠮᠵᠢᠯᠲᠠ ᠲᠠᠢ ᠵᠣᠬᠢᠶᠠᠨ ᠪᠠᠢᠢᠭᠤᠯᠵᠤ ᠪᠠᠢᠢᠭ᠎ᠠ ᠳᠤ ᠣᠯᠠᠨ ᠤᠯᠤᠰ ᠤᠨ ᠰᠠᠭᠰᠤᠨ ᠪᠥᠮᠪᠦᠭᠡ ᠢᠢᠨ ᠬᠣᠯᠪᠤᠭᠠᠨ ᠤ ᠶᠡᠷᠦᠩᠬᠡᠢᠢᠯᠡᠭᠴᠢ ᠱᠧᠢᠢᠾ ᠰᠠᠦ᠋ᠳ᠋ ᠠᠯᠢ ᠠᠯᠢ ᠲᠠᠨᠢ ᠲᠠᠯᠠᠷᠬᠠᠯ ᠢᠯᠡᠷᠬᠡᠢᠢᠯᠡᠯ᠎ᠡ᠃ ᠮᠣᠩ᠋ᠭᠤᠯ ᠤᠨ ᠡᠮᠡᠭᠲᠡᠶ ᠪᠠᠭ ᠲᠠᠮᠢᠷᠴᠢᠳ ᠣᠯᠢᠮᠫ ᠤᠨ ᠠᠪᠤᠷᠭᠤ᠂ ᠬᠣᠯᠪᠤᠭᠠᠨ ᠤ ᠪᠦᠭᠦᠳᠡ ᠨᠠᠢᠢᠷᠠᠮᠳᠠᠬᠤ ᠭᠧᠷᠮᠠ᠎ ᠤᠯᠤᠰ ᠤᠨ ᠪᠠᠭ ᠢ ᠬᠣᠵᠢᠭᠰᠠᠨ ᠨᠢ ᠡᠨᠡ ᠲᠥᠷᠦᠯ ᠦᠨ ᠰᠫᠣᠷᠲ ᠮᠣᠩ᠋ᠭᠤᠯ ᠳᠤ ᠬᠡᠷᠬᠢᠨ ᠬᠥᠭ᠍ᠵᠢᠵᠦ ᠪᠠᠢᠢᠭ᠎ᠠ ᠢᠢᠨ ᠲᠣᠳᠤ ᠢᠯᠡᠷᠡᠯ ᠭᠡᠳᠡᠭ ᠢ ᠬᠡᠯᠡᠪᠡ᠃

ᠣᠯᠠᠨ ᠤᠯᠤᠰ ᠤᠨ ᠲᠡᠮᠡᠴᠡᠭᠡᠨ ᠳᠥ ᠮᠣᠩ᠋ᠭᠤᠯ ᠤᠨ ᠪᠠᠭ ᠲᠠᠮᠢᠷᠴᠢᠳ ᠵᠥᠪᠬᠡᠨ ᠣᠷᠤᠯᠴᠠᠭᠴᠢ ᠪᠢᠰᠢ᠂ ᠬᠦᠴᠦ ᠲᠡᠢ ᠥᠷᠢᠰᠦᠯᠳᠦᠭᠴᠢᠳ ᠦᠨ ᠨᠢᠭᠡ ᠳᠥ ᠲᠣᠭᠠᠴᠠᠭᠳᠠᠵᠤ ᠪᠠᠢᠢᠭ᠎ᠠ ᠢᠢ ᠣᠨᠴᠠᠯᠠᠵᠤ᠂ ᠡᠨᠡ ᠰᠫᠣᠷᠲ ᠢ ᠬᠥᠭ᠍ᠵᠢᠭᠦᠯᠬᠦ ᠳᠥ ᠪᠦᠬᠦ ᠲᠠᠯ᠎ᠠ ᠢᠢᠨ ᠳᠡᠮᠵᠢᠯᠭᠡ ᠦᠵᠡᠭᠦᠯᠵᠦ ᠪᠠᠢᠢᠭ᠎ᠠ ᠶᠡᠷᠦᠩᠬᠡᠢᠢᠯᠡᠭᠴᠢ ᠳᠥ ᠲᠠᠯᠠᠷᠬᠠᠯ ᠢᠯᠡᠷᠬᠡᠢᠢᠯᠡᠯ᠎ᠡ᠃

ᠮᠠᠨ ᠤ ᠤᠯᠤᠰ 2017 ᠣᠨ ᠠᠴᠠ ᠬᠣᠢᠢᠰᠢ 3х3 ᠲᠥᠷᠦᠯ ᠦᠨ ᠣᠯᠠᠨ ᠤᠯᠤᠰ ᠤᠨ ᠲᠡᠮᠡᠴᠡᠭᠡᠨ ᠨᠤᠭᠦᠳ ᠢ ᠡᠬᠡ ᠣᠷᠤᠨ ᠳᠤ ᠪᠠᠨ ᠲᠠᠰᠤᠷᠠᠯᠲᠠ ᠦᠭᠡᠢ ᠵᠣᠬᠢᠶᠠᠨ ᠪᠠᠢᠢᠭᠤᠯᠵᠤ ᠪᠠᠢᠢᠨ᠎ᠠ᠃

ᠡᠮᠡᠭᠲᠡᠢᠢᠴᠦᠳ ᠦᠨ ᠰᠢᠭ᠍ᠰᠢᠭᠡ ᠪᠠᠭ 2020 ᠣᠨ ᠤ ᠲ᠋ᠣᠻᠢᠣ᠋ ᠢᠢᠨ ᠣᠯᠢᠮᠫ ᠳᠤ 3х3 ᠲᠥᠷᠦᠯ ᠳᠥ ᠣᠷᠤᠯᠴᠠᠭᠰᠠᠨ ᠮᠣᠩ᠋ᠭᠤᠯ ᠤᠯᠤᠰ ᠤᠨ ᠠᠩᠬᠠᠨ ᠤ ᠪᠠᠭ ᠪᠣᠯᠤᠭᠰᠠᠨ ᠲᠡᠦᠬᠡ ᠲᠡᠢ᠃ ᠮᠥᠨ ᠣᠯᠠᠨ ᠤᠯᠤᠰ ᠤᠨ ᠪᠤᠰᠤᠳ ᠲᠡᠮᠡᠴᠡᠭᠡᠨ ᠳᠥ ᠪᠠᠭ ᠲᠠᠮᠢᠷᠴᠢᠳ ᠲᠣᠭᠲᠠᠮᠠᠯ ᠣᠷᠤᠯᠴᠠᠵᠤ᠂ ᠠᠪᠤᠷᠭᠤ ᠪᠣᠯᠤᠨ ᠱᠠᠩᠨᠠᠯᠲᠤ ᠪᠠᠢᠢᠷᠢ ᠳᠤ ᠰᠢᠯᠭᠠᠷᠠᠵᠤ ᠪᠠᠢᠢᠭ᠎ᠠ ᠶᠤᠮ᠃

ᠮᠣᠩ᠋ᠭᠤᠯ ᠤᠨ 3х3 ᠰᠠᠭᠰᠤᠨ ᠪᠥᠮᠪᠦᠭᠡ ᠢᠢᠨ ᠬᠣᠯᠪᠤᠭ᠎ᠠ 2014 ᠣᠨ ᠳᠤ ᠪᠠᠢᠢᠭᠤᠯᠤᠭᠳᠠᠭᠰᠠᠨ᠃ ᠲᠥᠷᠦ᠂ ᠬᠤᠪᠢ ᠢᠢᠨ ᠬᠡᠪᠰᠢᠯ ᠦᠨ ᠲᠤᠭᠤᠰᠢᠲᠠᠢ ᠳᠡᠮᠵᠢᠯᠭᠡ᠂ ᠲᠠᠮᠢᠷᠴᠢᠳ᠂ ᠳᠠᠰᠬᠠᠯᠵᠢᠭᠤᠯᠤᠭᠴᠢ᠂ ᠪᠠᠭ ᠤᠨ ᠡᠵᠡᠳ᠂ ᠬᠥᠷᠦᠩ᠋ᠭᠡ ᠣᠷᠤᠭᠤᠯᠤᠭᠴᠢᠳ ᠤᠨ ᠬᠢᠴᠢᠶᠡᠯ ᠵᠢᠳᠬᠦᠯ᠂ ᠭᠠᠷᠭᠠᠭᠰᠠᠨ ᠠᠮᠵᠢᠯᠲᠠ ᠢᠢᠨ ᠳ᠋ᠦᠩ ᠳᠥ 2025 ᠣᠨ ᠤ ᠪᠠᠢᠢᠳᠠᠯ ᠢᠶᠠᠷ ᠳᠡᠯᠡᠬᠡᠶ ᠳᠥ ᠡᠷᠢᠮᠪᠡ ᠪᠡᠷ ᠢᠢᠡᠨ ᠳᠣᠯᠤᠭᠠᠳ᠋ᠤᠭᠠᠷ ᠲᠤ ᠵᠢᠭᠰᠠᠵᠤ ᠪᠠᠢᠢᠨ᠎ᠠ᠃