ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠲᠥᠷᠦ ᠢᠢᠨ ᠠᠢᠢᠯᠴᠢᠯᠠᠯ ᠬᠢᠵᠦ ᠪᠤᠢ ᠶᠠᠫᠣᠨ ᠤᠯᠤᠰ ᠤᠨ ᠴᠣᠭ ᠵᠢᠪᠬᠤᠯᠠᠩᠲᠤ ᠡᠵᠡᠨ ᠬᠠᠭᠠᠨ ᠨᠠᠷᠦ᠋ᠾᠢᠲ᠋ᠣ᠋ 2025 ᠣᠨ ᠤ 07 ᠳ᠋ᠤᠭᠠᠷ ᠰᠠᠷ᠎ᠠ ᠢᠢᠨ 07 ᠤ ᠡᠳᠦᠷ ᠤᠰᠤ ᠰᠤᠪᠠᠭ ᠤᠨ ᠤᠳᠤᠷᠢᠳᠬᠤ ᠭᠠᠵᠠᠷ ᠲᠤ ᠵᠣᠴᠢᠯᠠᠯ᠎ᠠ᠃
ᠴᠣᠭ ᠵᠢᠪᠬᠤᠯᠠᠩᠲᠤ ᠡᠵᠡᠨ ᠬᠠᠭᠠᠨ ᠨᠠᠷᠦ᠋ᠾᠢᠲ᠋ᠣ᠋ ᠢᠢ ᠲᠤᠰ ᠭᠠᠵᠠᠷ ᠤᠨ ᠳᠠᠷᠤᠭ᠎ᠠ ᠴᠣ᠊·ᠲᠥᠷᠦᠬᠦ᠋ᠦ ᠤᠭᠲᠤᠨ ᠠᠪᠴᠤ᠂ ᠪᠠᠢᠢᠭᠤᠯᠤᠯᠭ᠎ᠠ ᠢᠢᠨ ᠢᠶᠠᠨ ᠲᠠᠯ᠎ᠠ ᠪᠠᠷ ᠲᠠᠨᠢᠯᠴᠠᠭᠤᠯᠤᠯ᠎ᠠ᠃
ᠶᠠᠫᠣᠨ ᠤᠯᠤᠰ ᠤᠨ ᠬᠥᠭ᠍ᠵᠢᠯ ᠦᠨ ᠠᠯᠪᠠᠨ ᠶᠣᠰᠤᠨ ᠤ ᠲᠤᠰᠠᠯᠠᠮᠵᠢ ᠢᠢᠨ ᠪᠤᠴᠠᠯᠲᠠ ᠦᠭᠡᠢ ᠲᠤᠰᠠᠯᠠᠮᠵᠢ ᠢᠢᠨ ᠬᠦᠷᠢᠶᠡᠨ ᠳᠥ «ᠤᠰᠤ ᠬᠠᠩ᠋ᠭᠠᠮᠵᠢ ᠢᠢᠨ ᠡᠬᠢ ᠡᠭᠦᠰᠪᠦᠷᠢ ᠢᠢᠨ ᠨᠥᠭᠡᠴᠡ ᠢᠢᠨ ᠬᠠᠢᠢᠭᠤᠯ ᠢ ᠬᠢᠬᠦ ᠠᠵᠢᠯ» (1991-1996 ᠣᠨ)᠂ «ᠤᠰᠤ ᠬᠠᠩ᠋ᠭᠠᠮᠵᠢ ᠢᠢᠨ ᠰᠢᠰᠲ᠋ᠧᠮ ᠢ ᠨᠡᠩ ᠶᠠᠭᠠᠷᠠᠯ ᠲᠠᠢ ᠰᠢᠨᠡᠴᠢᠯᠠᠬᠦ ᠮᠠᠰᠲ᠋ᠧᠷ ᠲᠥᠯᠦᠪᠯᠡᠭᠡᠨ ᠦ ᠥᠷᠭᠡᠳᠬᠡᠯ ᠰᠢᠨᠡᠴᠢᠯᠡᠯ ᠦᠨ ᠡᠬᠢᠨ ᠦ ᠡᠭᠡᠯᠵᠢ» (1997-2000 ᠣᠨ)᠂ ᠬᠣᠶᠠᠷᠳ᠋ᠤᠭᠠᠷ ᠡᠭᠡᠯᠵᠢ (2005-2007 ᠣᠨ)᠂ ᠤᠯᠠᠭᠠᠨᠪᠠᠭᠠᠲᠤᠷ ᠬᠣᠲᠠ ᠢᠢᠨ ᠤᠮᠳᠠᠨ ᠤ ᠤᠰᠤ ᠢᠢ ᠨᠡᠮᠡᠭᠳᠡᠭᠦᠯᠬᠦ «ᠭᠠᠴᠤᠷᠠᠲᠤ ᠢᠢᠨ ᠡᠬᠢ ᠡᠭᠦᠰᠪᠦᠷᠢ» (2012-2014 ᠣᠨ) ᠲᠥᠰᠦᠯ᠂ ᠬᠥᠲᠦᠯᠪᠦᠷᠢ ᠬᠡᠷᠡᠭᠵᠢᠭᠦᠯᠦᠭᠰᠡᠨ᠃

ᠶᠠᠫᠣᠨ ᠤᠯᠤᠰ ᠤᠨ ᠲᠤᠰᠠᠯᠠᠮᠵᠢ ᠳᠡᠮᠵᠢᠯᠭᠡ᠂ ᠬᠠᠮᠲᠤ ᠢᠢᠨ ᠠᠵᠢᠯᠯᠠᠭᠠᠨ ᠤ ᠦᠷ᠎ᠡ ᠳ᠋ᠦᠩ ᠳᠥ ᠤᠯᠠᠭᠠᠨᠪᠠᠭᠠᠲᠤᠷ ᠬᠣᠲᠠ ᠢᠢᠨ ᠤᠮᠳᠠᠨ ᠤ ᠤᠰᠤ ᠴᠤᠭᠯᠠᠭᠤᠯᠬᠤ᠂ ᠲᠦᠭᠡᠭᠡᠬᠦ᠂ ᠬᠢᠨᠠᠬᠤ ᠬᠦᠴᠦᠨ ᠴᠢᠳᠠᠯ ᠦᠨᠡᠮᠯᠡᠬᠦᠶ ᠬᠡᠮᠵᠢᠶ᠎ᠡ ᠪᠡᠷ ᠨᠡᠮᠡᠭᠳᠡᠵᠦ᠂ ᠲᠧᠭᠨᠢᠭ᠂ ᠲᠧᠭᠨᠣᠯᠤᠭᠢ ᠢᠢᠨ ᠰᠢᠨᠡᠴᠢᠯᠡᠯ᠂ ᠰᠠᠢᠢᠵᠢᠷᠠᠭᠤᠯᠤᠯᠲᠠ ᠬᠢᠭ᠍ᠳᠡᠵᠡᠶ᠃
ᠴᠣᠭ ᠵᠢᠪᠬᠤᠯᠠᠩᠲᠤ ᠡᠵᠡᠨ ᠬᠠᠭᠠᠨ ᠨᠠᠷᠦ᠋ᠾᠢᠲ᠋ᠣ᠋ ᠣᠻᠰᠹᠣᠷᠳ᠋ ᠤᠨ ᠶᠡᠬᠡ ᠰᠤᠷᠭᠠᠭᠤᠯᠢ ᠳᠤ «ᠤᠰᠤ ᠰᠤᠳᠤᠯᠤᠯ» ᠤᠨ ᠴᠢᠭᠯᠡᠯ ᠢᠶᠡᠷ ᠰᠤᠷᠤᠯᠴᠠᠨ᠂ ᠲᠡᠭᠦᠰᠦᠯᠲᠡ ᠢᠢᠨ ᠰᠤᠳᠤᠯᠭᠠᠨ ᠤ ᠠᠵᠢᠯ ᠢᠶᠠᠨ 18-19 ᠊ᠳ᠋ᠦᠭᠡᠷ ᠵᠠᠭᠤᠨ ᠤ ᠲᠧᠮᠽᠠ ᠮᠥᠷᠡᠨ ᠦ ᠲᠡᠭᠡᠭᠡᠪᠦᠷᠢ ᠢᠢᠨ ᠰᠡᠳᠦᠪ ᠢᠶᠡᠷ ᠪᠢᠴᠢᠵᠦ᠂ ᠬᠣᠵᠢᠮ «ᠲᠧᠮᠽᠠ ᠮᠥᠷᠡᠨ ᠲᠡᠢ ᠬᠠᠮᠲᠤ ᠳᠤ ᠪᠠᠨ» ᠨᠣᠮ ᠢᠶᠠᠨ ᠭᠠᠷᠭᠠᠭᠰᠠᠨ᠃
ᠲᠡᠷᠡ ᠪᠡᠷ «ᠳᠡᠯᠡᠬᠡᠶ ᠢᠢᠨ ᠤᠰᠤᠨ ᠤ ᠹᠣᠷᠦᠢᠮ» ᠵᠡᠷᠭᠡ ᠣᠯᠠᠨ ᠤᠯᠤᠰ ᠤᠨ ᠬᠤᠷᠠᠯ᠂ ᠴᠢᠭᠤᠯᠭᠠᠨ ᠳᠤ ᠲᠣᠭᠲᠠᠮᠠᠯ᠂ ᠢᠳᠡᠪᠬᠢᠲᠡᠢ ᠣᠷᠤᠯᠴᠠᠵᠤ᠂ «ᠤᠰᠤ ᠰᠤᠳᠤᠯᠤᠯ» ᠢ ᠠᠮᠢᠳᠤᠷᠠᠯ ᠤᠨ ᠬᠡᠪᠰᠢᠯ ᠢᠶᠡᠨ ᠪᠣᠯᠭᠠᠨ᠂ ᠠᠬᠢᠭᠰᠠᠨ ᠲᠥᠪᠰᠢᠨ ᠳᠥ ᠰᠤᠳᠤᠯᠭ᠎ᠠ᠂ ᠰᠢᠨᠵᠢᠯᠡᠭᠡ ᠬᠢᠳᠡᠭ ᠶᠤᠮ᠃

ᠶᠠᠫᠣᠨ ᠤᠯᠤᠰ ᠤᠨ ᠴᠣᠭ ᠵᠢᠪᠬᠤᠯᠠᠩᠲᠤ ᠡᠵᠡᠨ ᠬᠠᠭᠠᠨ ᠨᠠᠷᠦ᠋ᠾᠢᠲ᠋ᠣ᠋ ᠮᠥᠨ ᠡᠳᠦᠷ « ᠭᠠᠴᠤᠷᠠᠲᠤ ᠢᠢᠨ ᠡᠬᠢ ᠡᠭᠦᠰᠪᠦᠷᠢ» ᠲᠥᠰᠦᠯ ᠦᠨ ᠦᠢᠯᠡ ᠠᠵᠢᠯᠯᠠᠭ᠎ᠠ ᠲᠠᠢ ᠲᠠᠨᠢᠯᠴᠠᠯ᠎ᠠ᠃
ᠪᠠᠶᠠᠨᠵᠢᠷᠦᠬᠡ ᠳᠡᠭᠦᠷᠭᠡ ᠢᠢᠨ 20 ᠳ᠋ᠤᠭᠠᠷ ᠬᠣᠷᠢᠶᠠᠨ ᠳᠤ « ᠭᠠᠴᠤᠷᠠᠲᠤ ᠢᠢᠨ ᠡᠬᠢ ᠡᠭᠦᠰᠪᠦᠷᠢ» ᠢᠢ ᠰᠢᠨ᠎ᠡ ᠪᠡᠷ ᠪᠠᠷᠢᠵᠤ ᠪᠠᠢᠢᠭᠤᠯᠬᠤ ᠲᠥᠰᠦᠯ ᠢ ᠶᠠᠫᠣᠨ ᠤᠯᠤᠰ ᠤᠨ ᠵᠠᠰᠠᠭ ᠤᠨ ᠭᠠᠵᠠᠷ ᠤᠨ ᠪᠤᠴᠠᠯᠲᠠ ᠦᠭᠡᠢ ᠲᠤᠰᠠᠯᠠᠮᠵᠢ ᠢᠢᠨ ᠬᠦᠷᠢᠶᠡᠨ ᠳᠥ 30 ᠰᠠᠶ᠎ᠠ ᠠᠮ᠊·ᠳ᠋ᠣᠯᠯᠠᠷ ᠤᠨ ᠬᠥᠷᠦᠩ᠋ᠭᠡ ᠪᠡᠷ 2011-2014 ᠣᠨ ᠳᠤ ᠬᠡᠷᠡᠭᠵᠢᠭᠦᠯᠦᠭᠰᠡᠨ ᠨᠢ ᠤᠯᠠᠭᠠᠨᠪᠠᠭᠠᠲᠤᠷ ᠬᠣᠲᠠ ᠢᠢᠨ ᠢᠷᠭᠡᠳ᠂ ᠢᠯᠠᠩ᠋ᠭᠤᠶ᠎ᠠ ᠭᠡᠷ ᠬᠣᠷᠢᠶᠠᠯᠠᠯ ᠤᠨ 390.000᠂ ᠣᠷᠤᠨ ᠰᠠᠭᠤᠴᠠ ᠢᠢᠨ 43.500 ᠣᠷᠤᠰᠢᠨ ᠰᠠᠭᠤᠭᠴᠢᠳ ᠢ ᠴᠡᠪᠡᠷ᠂ ᠠᠶᠤᠯ ᠦᠭᠡᠢ ᠤᠮᠳᠠᠨ ᠤ ᠤᠰᠤ ᠪᠠᠷ ᠬᠠᠩ᠋ᠭᠠᠬᠤ ᠪᠣᠯᠤᠮᠵᠢ ᠢᠢ ᠪᠦᠷᠢᠳᠦᠭᠦᠯᠦᠭᠰᠡᠨ ᠶᠤᠮ᠃
ᠭᠠᠴᠤᠷᠠᠲᠤ ᠢᠢᠨ ᠡᠬᠢ ᠡᠭᠦᠰᠪᠦᠷᠢ ᠨᠢ ᠬᠠᠢᠢᠯᠠᠰᠤᠲᠤ᠂ ᠴᠢᠩ᠋ᠭᠡᠯᠲᠡᠶ᠂ ᠳᠣᠯᠤᠭᠠᠨ ᠪᠠᠭᠤᠳᠠᠯ᠂ ᠳᠠᠷᠢ-ᠡᠬᠡ᠂ ᠳᠠᠮᠪᠠᠳᠠᠷᠵᠠᠶ ᠴᠢᠭᠯᠡᠯ ᠦᠨ ᠭᠡᠷ ᠬᠣᠷᠢᠶᠠᠯᠠᠯ ᠤᠨ ᠪᠦᠰᠡ ᠢᠢ ᠤᠮᠳᠠᠨ ᠤ ᠤᠰᠤ ᠪᠠᠷ ᠬᠠᠩ᠋ᠭᠠᠬᠤ᠂ ᠲᠤᠰ ᠪᠦᠰᠡ ᠳᠥ ᠳᠠᠬᠢᠨ ᠲᠥᠯᠥᠪᠯᠡᠯᠲᠡ ᠬᠢᠵᠦ ᠪᠠᠷᠢᠯᠭᠠᠵᠢᠭᠤᠯᠬᠤ ᠳᠤ ᠲᠣᠮᠣᠬᠠᠨ ᠠᠴᠢ ᠬᠣᠯᠪᠤᠭᠳᠠᠯᠲᠠᠢ ᠪᠦᠲᠦᠭᠡᠨ ᠪᠠᠢᠢᠭᠤᠯᠤᠯᠲᠠ ᠪᠣᠯᠤᠭᠰᠠᠨ᠃

