ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠲᠥᠷᠦ ᠢᠢᠨ ᠠᠢᠢᠯᠴᠢᠯᠠᠯ ᠬᠢᠵᠦ ᠪᠤᠢ ᠶᠠᠫᠣᠨ ᠤᠯᠤᠰ ᠤᠨ ᠴᠣᠭ ᠵᠢᠪᠬᠤᠯᠠᠩᠲᠤ ᠡᠵᠡᠨ ᠬᠠᠭᠠᠨ ᠨᠠᠷᠦ᠋ᠾᠢᠲ᠋ᠣ᠋ ᠲᠧᠭᠨᠢᠭ᠂ ᠲᠧᠭᠨᠣᠯᠤᠭᠢ ᠢᠢᠨ ᠳᠡᠭᠡᠳᠦ ᠰᠤᠷᠭᠠᠭᠤᠯᠢ ᠢᠢᠨ ᠬᠠᠷᠢᠶ᠎ᠠ «ᠮᠣᠩ᠋ᠭᠤᠯ ᠻᠣᠣᠰᠧᠨ» ᠲᠧᠭᠨᠣᠯᠤᠭᠢ ᠢᠢᠨ ᠻᠣᠯᠯᠧᠵᠢ ᠳᠤ ᠵᠣᠴᠢᠯᠠᠯ᠎ᠠ᠃
ᠡᠵᠡᠨ ᠬᠠᠭᠠᠨ ᠨᠠᠷᠦ᠋ᠾᠢᠲ᠋ᠣ᠋ ᠻᠣᠯᠯᠧᠵᠢ ᠢᠢᠨ ᠮᠧᠬᠠᠨᠢᠭ ᠢᠨ᠋ᠵᠧᠨᠧᠷᠴᠢᠯᠡᠯ ᠦᠨ ᠠᠩ᠋ᠭᠢ ᠪᠠᠷ ᠵᠣᠴᠢᠯᠠᠨ ᠪᠠᠭᠰᠢ᠂ ᠰᠤᠷᠤᠭᠴᠢᠳ ᠲᠠᠢ ᠠᠭᠤᠯᠵᠠᠵᠤ᠂ ᠴᠢᠯᠦᠭᠡᠲᠦ ᠶᠠᠷᠢᠯᠴᠠᠯᠭ᠎ᠠ ᠬᠢᠯ᠎ᠡ᠃
«ᠮᠣᠩ᠋ᠭᠤᠯ ᠻᠣᠣᠰᠧᠨ ᠲᠧᠭᠨᠣᠯᠤᠭᠢ ᠢᠢᠨ ᠻᠣᠯᠯᠧᠵᠢ» ᠨᠢ ᠶᠠᠫᠣᠨ ᠤ «ᠻᠣᠣᠰᠧᠨ» ᠲᠧᠭᠨᠣᠯᠤᠭᠢ ᠢᠢᠨ ᠻᠣᠯᠯᠧᠵᠢ ᠢᠢᠨ ᠬᠥᠲᠦᠯᠪᠦᠷᠢ ᠢᠢ ᠵᠠᠭᠪᠤᠷ ᠪᠣᠯᠭᠠᠨ ᠲᠧᠭᠨᠣᠯᠤᠭᠢ᠂ ᠢᠨ᠋ᠵᠧᠨ᠋᠋ᠧᠷ ᠦᠨ ᠰᠤᠷᠭᠠᠯᠲᠠ᠂ ᠰᠤᠳᠤᠯᠭ᠎ᠠ᠂ ᠠᠵᠤ ᠦᠢᠯᠡᠳᠪᠦᠷᠢᠯᠡᠯ ᠦᠨ ᠰᠠᠯᠪᠤᠷᠢ ᠳᠤ «ᠨᠣᠦ᠋-ᠾᠠᠦ᠋» ᠨᠡᠪᠲᠡᠷᠡᠭᠦᠯᠳᠡᠭ᠃
ᠰᠠᠭᠤᠷᠢ ᠪᠣᠯᠪᠠᠰᠤᠷᠠᠯ ᠲᠠᠢ ᠬᠡᠦᠬᠡᠳ᠂ ᠵᠠᠯᠠᠭᠤᠴᠤᠳ ᠢ 5 ᠵᠢᠯ ᠦᠨ ᠬᠤᠭᠤᠴᠠᠭᠠᠨ ᠳᠤ ᠰᠤᠷᠭᠠᠵᠤ ᠢᠨ᠋ᠵᠧᠨ᠋᠋ᠧᠷ ᠪᠡᠯᠡᠳᠬᠡᠳᠡᠭ ᠶᠤᠮ᠃
ᠮᠣᠩ᠋ᠭᠤᠯ ᠤᠯᠤᠰ ᠤᠨ ᠵᠠᠰᠠᠭ ᠤᠨ ᠭᠠᠵᠠᠷ᠂ ᠶᠠᠫᠣᠨ ᠤ ᠣᠯᠠᠨ ᠤᠯᠤᠰ ᠤᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ (ᠵᠠᠢᠢᠻᠠ) ᠬᠣᠭᠤᠷᠤᠨᠳᠤ 2014 ᠣᠨ ᠳᠤ ᠪᠠᠢᠢᠭᠤᠯᠤᠭᠰᠠᠨ ᠵᠢᠭᠡᠯᠡ ᠢᠢᠨ ᠬᠡᠯᠡᠯᠴᠡᠭᠡᠷ ᠦᠨ ᠳᠠᠭᠠᠭᠤ ᠪᠣᠯᠪᠠᠰᠤᠷᠠᠯ ᠤᠨ ᠶᠠᠮᠤᠨ ᠠᠴᠠ «ᠢᠨ᠋ᠵᠧᠨ᠋᠋ᠧᠷ᠂ ᠲᠧᠭᠨᠣᠯᠤᠭᠢ ᠢᠢᠨ ᠳᠡᠭᠡᠳᠦ ᠪᠣᠯᠪᠠᠰᠤᠷᠠᠯ» (1000 ᠢᠨ᠋ᠵᠧᠨ᠋᠋ᠧᠷ) ᠲᠥᠰᠦᠯ ᠢ ᠠᠮᠵᠢᠯᠲᠠ ᠲᠠᠢ ᠬᠡᠷᠡᠭᠵᠢᠭᠦᠯᠦᠭᠡᠳ ᠪᠠᠢᠢᠨ᠎ᠠ᠃
ᠮᠠᠨ ᠤ ᠤᠯᠤᠰ ᠲᠤ ᠨᠡᠩ ᠱᠠᠭᠠᠷᠳᠠᠯᠭ᠎ᠠ ᠲᠠᠢ ᠥᠨᠳᠦᠷ ᠤᠷ᠎ᠠ ᠴᠢᠳᠠᠪᠤᠷᠢ ᠪᠦᠬᠦᠢ ᠢᠨ᠋ᠵᠧᠨ᠋᠋ᠧᠷ᠂ ᠲᠧᠭᠨᠣᠯᠤᠭᠢ ᠢᠢᠨ ᠮᠡᠷᠭᠡᠵᠢᠯᠲᠡᠨ ᠪᠡᠯᠡᠳᠬᠡᠬᠦ᠂ ᠢᠨ᠋ᠵᠧᠨ᠋᠋ᠧᠷ ᠦᠨ ᠪᠣᠯᠪᠠᠰᠤᠷᠠᠯ ᠤᠨ ᠴᠢᠨᠠᠷ ᠢ ᠳᠡᠭᠡᠭ᠍ᠰᠢᠯᠠᠭᠦᠯᠬᠦ᠂ ᠪᠠᠭᠰᠢᠯᠠᠬᠤ ᠪᠣᠯᠪᠠᠰᠤᠨ ᠬᠦᠴᠦᠨ ᠦ ᠨᠥᠭᠡᠴᠡ ᠢᠢ ᠪᠡᠬᠢᠵᠢᠭᠦᠯᠬᠦ᠂ ᠰᠤᠷᠭᠠᠯᠲᠠ᠂ ᠰᠤᠳᠤᠯᠭᠠᠨ ᠤ ᠣᠷᠴᠢᠨ ᠢ ᠰᠢᠨᠡᠴᠢᠯᠠᠨ ᠰᠠᠢᠢᠵᠢᠷᠠᠭᠤᠯᠬᠤ ᠲᠥᠰᠦᠯ ᠬᠡᠷᠡᠭᠵᠢᠭᠦᠯᠳᠡᠭ᠃
ᠲᠥᠰᠦᠯ ᠦᠨ ᠬᠦᠷᠢᠶᠡᠨ ᠳᠥ ᠪᠠᠻᠠᠯᠠᠸᠷ ᠤᠨ ᠬᠠᠮᠲᠤᠷᠠᠭᠰᠠᠨ ᠬᠥᠲᠦᠯᠪᠦᠷᠢ ᠪᠡᠷ 292᠂ «ᠻᠣᠣᠰᠧᠨ» ᠬᠥᠲᠦᠯᠪᠦᠷᠢ ᠪᠡᠷ 177᠂ ᠮᠠᠭᠢᠰᠲ᠋ᠷ 37᠂ ᠳ᠋ᠣᠻᠲ᠋ᠤᠷ 104᠂ ᠵᠡᠷᠭᠡ ᠢᠢᠨ ᠪᠤᠰᠤ ᠪᠣᠭᠤᠨᠢ ᠬᠤᠭᠤᠴᠠᠭᠠᠨ ᠤ ᠰᠤᠷᠭᠠᠯᠲᠠ ᠪᠠᠷ 488᠂ ᠨᠡᠢᠢᠲᠡ 1.098 ᠣᠶᠤᠲᠠᠨ᠂ ᠪᠠᠭᠰᠢ ᠰᠤᠳᠤᠯᠤᠭᠠᠴᠢ ᠶᠠᠫᠣᠨ ᠳᠤ ᠪᠣᠯᠪᠠᠰᠤᠷᠠᠯ ᠡᠵᠡᠮᠰᠢᠵᠦ᠂ ᠲᠡᠭᠦᠰᠦᠭᠴᠢᠳ ᠦᠨ 96 ᠬᠤᠪᠢ ᠨᠢ ᠮᠡᠷᠭᠡᠵᠢᠯ ᠦᠨ ᠢᠶᠡᠨ ᠳᠠᠭᠠᠭᠤ ᠠᠵᠢᠯᠯᠠᠵᠤ ᠪᠠᠢᠢᠨ᠎ᠠ᠃
ᠣᠳᠤ ᠢᠢᠨ ᠪᠠᠢᠢᠳᠠᠯ ᠢᠶᠠᠷ ᠤᠯᠠᠭᠠᠨᠪᠠᠭᠠᠲᠤᠷ ᠬᠣᠲᠠᠨ᠎ᠠ ᠰᠢ᠊᠂ ᠤ᠊᠂ ᠲᠧ᠊᠂ ᠶᠡ᠊᠂ ᠰᠤᠷᠭᠠᠭᠤᠯᠢ ᠢᠢᠨ ᠬᠠᠷᠢᠶ᠎ᠠ «ᠲᠧᠭᠨᠣᠯᠤᠭᠢ ᠢᠢᠨ ᠻᠣᠯᠯᠧᠵᠢ»᠂ «ᠮᠣᠩ᠋ᠭᠤᠯ ᠻᠣᠣᠰᠧᠨ ᠲᠧᠭᠨᠣᠯᠤᠭᠢ ᠢᠢᠨ ᠻᠣᠯᠯᠧᠵᠢ»᠂ «ᠰᠢᠨ᠎ᠡ ᠮᠣᠩ᠋ᠭᠤᠯ ᠲᠧᠭᠨᠣᠯᠤᠭᠢ ᠢᠢᠨ ᠻᠣᠯᠯᠧᠵᠢ» ᠭᠡᠰᠡᠨ ᠭᠤᠷᠪᠠᠨ «ᠻᠣᠣᠰᠧᠨ» ᠪᠠᠢᠢᠳᠠᠭ᠃
ᠮᠥᠨ ᠳᠠᠷᠬᠠᠨ-ᠠᠭᠤᠯᠠ᠂ ᠣᠷᠤᠬᠠᠨ᠂ ᠡᠮᠦᠨᠡᠭᠣᠪᠢ ᠠᠢᠢᠮᠠᠭ ᠲᠤ ᠭᠤᠷᠪᠠᠨ «ᠻᠣᠣᠰᠧᠨ» ᠦᠢᠯᠡ ᠠᠵᠢᠯᠯᠠᠭ᠎ᠠ ᠶᠠᠪᠤᠭᠤᠯᠵᠤ ᠪᠠᠢᠢᠨ᠎ᠠ᠃


