Та "Internet explorer"-ийн сүүлийн хувилбар болох "Microsoft edge"-г ашиглана уу

Хэрэв "Microsoft edge"-г татах бол энд дарж татаж авна уу

ᠳ᠋ᠢᠫᠯᠣᠮᠠᠲ ᠴᠣᠯᠠ ᠬᠦᠷᠲᠡᠭᠡᠯ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠤᠯᠭᠤᠷ ᠲᠥᠷᠦ ᠢᠢᠨ 2234᠂ ᠶᠡᠬᠡ ᠮᠣᠩ᠋ᠭᠤᠯ ᠤᠯᠤᠰ ᠪᠠᠢᠢᠭᠤᠯᠤᠭᠳᠠᠭᠰᠠᠨ ᠤ 819᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 114᠂ ᠠᠷᠠᠳ ᠤᠨ ᠬᠤᠪᠢᠰᠬᠠᠯ ᠤᠨ 104᠂ ᠠᠷᠠᠳᠴᠢᠯᠠᠭᠰᠠᠨ ᠬᠤᠪᠢᠰᠬᠠᠯ ᠤᠨ 35 ᠵᠢᠯ ᠦᠨ ᠣᠢ ᠢᠢ ᠲᠣᠬᠢᠶᠠᠯᠳᠤᠭᠤᠯᠤᠨ ᠨᠡᠷ᠎ᠡ ᠪᠦᠬᠦᠢ ᠡᠷᠬᠢᠮ ᠦᠳ ᠲᠥ ᠳ᠋ᠢᠫᠯᠣᠮᠠᠲ ᠴᠣᠯᠠ ᠬᠦᠷᠲᠡᠭᠡᠯ᠎ᠡ᠃

ᠭᠠᠳᠠᠭᠠᠳᠤ ᠬᠠᠷᠢᠯᠴᠠᠭᠠᠨ ᠤ ᠰᠠᠯᠪᠤᠷᠢ ᠳᠤ ᠦᠷ᠎ᠡ ᠪᠦᠲᠦᠭᠡᠯ᠂ ᠢᠳᠡᠪᠬᠢ ᠰᠠᠨᠠᠭᠠᠴᠢᠯᠠᠭ᠎ᠠ ᠲᠠᠢ ᠠᠵᠢᠯᠯᠠᠵᠤ᠂ ᠭᠠᠳᠠᠭᠠᠳᠤ ᠪᠣᠳᠤᠯᠭ᠎ᠠ ᠢᠢᠨ ᠵᠣᠷᠢᠯᠲᠠ ᠨᠤᠭᠤᠳ ᠢ ᠬᠡᠷᠡᠭᠵᠢᠭᠦᠯᠬᠦ ᠳᠥ ᠣᠷᠤᠭᠤᠯᠤᠭᠰᠠᠨ ᠬᠤᠪᠢ ᠨᠡᠮᠡᠷᠢ ᠢᠢ ᠨᠢ ᠦᠨᠡᠯᠡᠵᠦ

  • ᠠᠬᠠᠮᠠᠳ ᠳ᠋ᠢᠫᠯᠣᠮᠠᠲ᠋ᠴᠢ ᠴᠡᠩᠳᠦ ᠢᠢᠨ ᠪᠠᠲᠤᠪᠤᠶᠠᠨ᠂
  • ᠠᠬᠠᠮᠠᠳ ᠳ᠋ᠢᠫᠯᠣᠮᠠᠲ᠋ᠴᠢ ᠴᠢᠮᠢᠳᠳᠣᠷᠵᠢ ᠢᠢᠨ ᠪᠠᠲᠤᠲᠡᠮᠦᠷ᠂
  • ᠠᠬᠠᠮᠠᠳ ᠳ᠋ᠢᠫᠯᠣᠮᠠᠲ᠋ᠴᠢ ᠡᠷᠳᠡᠨᠢ ᠢᠢᠨ ᠪᠢᠮᠪᠠᠵᠠᠪ᠂
  • ᠮᠣᠩ᠋ᠭᠤᠯ ᠤᠯᠤᠰ ᠠᠴᠠ ᠣ᠊᠂ ᠬᠣ᠊᠂ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠥᠯᠵᠡᠢᠢᠰᠠᠢᠢᠬᠠᠨ ᠤ ᠡᠩᠬᠡᠲᠦ᠋ᠪᠰᠢᠨ᠂
  • ᠮᠣᠩ᠋ᠭᠤᠯ ᠤᠯᠤᠰ ᠠᠴᠠ ᠪᠦ᠊᠂ ᠨᠠᠢᠢ᠊᠂ ᠰᠣ᠊᠂ ᠸᠢ᠊᠂ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠵᠢᠭᠵᠢᠭᠡ ᠢᠢᠨ ᠰᠡᠷᠡᠭᠡᠵᠠᠪ᠂
  • ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠭᠠᠳᠠᠭᠠᠳᠤ ᠪᠣᠳᠤᠯᠭ᠎ᠠ ᠢᠢᠨ ᠵᠥᠪᠯᠡᠬᠦ᠂ ᠲᠡᠷᠢᠭᠦᠨ ᠰᠢᠳᠠᠷ ᠳ᠋ᠢᠫᠯᠣᠮᠠᠲ ᠡᠷᠳᠡᠨᠢᠴᠣᠭᠲᠤ ᠢᠢᠨ ᠣᠳᠤᠪᠠᠶᠠᠷ᠂
  • ᠮᠣᠩ᠋ᠭᠤᠯ ᠤᠯᠤᠰ ᠠᠴᠠ ᠨᠢ᠊᠂ ᠦ᠊᠂ ᠪᠠᠢᠢᠭᠤᠯᠤᠯᠭ᠎ᠠ ᠢᠢᠨ ᠳᠡᠷᠭᠡᠳᠡ ᠰᠠᠭᠤᠭ᠎ᠠ ᠪᠠᠢᠢᠩ᠋ᠭᠤ ᠢᠢᠨ ᠲᠥᠯᠦᠭᠡᠯᠡᠭᠴᠢ ᠨᠢᠮᠠᠳᠣᠷᠵᠢ ᠢᠢᠨ ᠠᠩᠬᠠᠪᠠᠶᠠᠷ᠂
  • ᠠᠬᠠᠮᠠᠳ ᠳ᠋ᠢᠫᠯᠣᠮᠠᠲ᠋ᠴᠢ ᠫᠦᠷᠪᠦᠵᠠᠪ ᠤᠨ ᠭᠠᠩᠰᠦ᠋ᠬᠡ ᠳᠥ ᠬᠦᠷᠲᠡᠭᠡᠯ᠎ᠡ᠃

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳ᠋ᠢᠫᠯᠣᠮᠠᠲ ᠴᠣᠯᠠ ᠬᠦᠷᠲᠡᠭᠰᠡᠨ ᠡᠷᠬᠢᠮ ᠦᠳ ᠲᠥ ᠪᠠᠶᠠᠷ ᠬᠦᠷᠭᠡᠵᠦ᠂ ᠠᠮᠵᠢᠯᠲᠠ ᠬᠦᠰᠡᠯ᠎ᠡ᠃

ᠴᠢᠨᠠᠭᠰᠢᠳᠠ ᠤᠯᠤᠰ ᠣᠷᠤᠨ ᠤ ᠪᠠᠨ ᠢᠵᠠᠭᠤᠷ ᠡᠷᠬᠡ ᠠᠰᠢᠭ ᠢ ᠬᠠᠮᠠᠭᠠᠯᠠᠵᠤ᠂ ᠲᠤᠰᠠᠭᠠᠷ ᠲᠣᠭᠲᠠᠨᠢᠯ ᠢ ᠪᠠᠲᠤᠳᠬᠠᠨ ᠪᠡᠬᠢᠵᠢᠭᠦᠯᠬᠦ ᠦᠢᠯᠡᠰ ᠲᠥ ᠣᠷᠤᠭᠤᠯᠤᠭᠰᠠᠨ ᠬᠢᠴᠢᠶᠡᠯ ᠵᠢᠳᠬᠦᠯ᠂ ᠬᠤᠷᠠᠮᠲᠤᠯᠠᠭᠤᠯᠤᠭᠰᠠᠨ ᠲᠤᠷᠰᠢᠯᠭ᠎ᠠ᠂ ᠮᠡᠳᠡᠯᠭᠡ ᠪᠡᠨ ᠬᠣᠢᠢᠴᠢ ᠦᠶ᠎ᠡ ᠳᠥ ᠪᠡᠨ ᠥᠪᠯᠡᠭᠦᠯᠵᠦ᠂ ᠲᠥᠷᠦ ᠢᠢᠨ ᠠᠯᠲᠠᠨ ᠠᠷᠭᠠᠮᠵᠢ ᠢᠢᠨ ᠥᠪ ᠢ ᠬᠠᠳᠠᠭᠠᠯᠠᠵᠤ ᠶᠠᠪᠤᠨ᠎ᠠ ᠭᠡᠳᠡᠭ ᠲᠥ ᠢᠲᠡᠭᠡᠯ ᠲᠡᠭᠦᠰ ᠪᠠᠢᠢᠭ᠎ᠠ ᠪᠠᠨ ᠢᠯᠡᠷᠬᠡᠢᠢᠯᠡᠪᠡ᠃

ᠮᠥᠨ ᠭᠡᠷ ᠪᠦᠯᠦ᠂ ᠬᠠᠮᠲᠤ ᠣᠯᠠᠨ ᠳᠤ ᠨᠢ ᠦᠨᠳᠦᠰᠦᠨ ᠦ ᠶᠡᠬᠡ ᠪᠠᠶᠠᠷ ᠨᠠᠭᠠᠳᠤᠮ ᠤᠨ ᠮᠡᠨᠳᠦ ᠢᠢ ᠡᠷᠭᠦᠨ ᠳᠡᠪᠰᠢᠭᠦᠯᠦᠯ᠎ᠡ᠃