Та "Internet explorer"-ийн сүүлийн хувилбар болох "Microsoft edge"-г ашиглана уу

Хэрэв "Microsoft edge"-г татах бол энд дарж татаж авна уу

ᠳᠠ᠊·ᠰᠦᠬᠡᠪᠠᠭᠠᠲᠤᠷ ᠤᠨ ᠬᠥᠰᠢᠶᠡᠨ ᠳᠥ ᠴᠡᠴᠡᠭ ᠡᠷᠭᠦᠵᠦ᠂ ᠶᠡᠬᠡ ᠬᠠᠭᠠᠨ ᠤ ᠬᠥᠰᠢᠶᠡᠨ ᠳᠥ ᠬᠦᠨᠳᠦᠳᠬᠡᠯ ᠦᠵᠡᠭᠦᠯᠪᠡ

ᠲᠤᠯᠭᠤᠷ ᠲᠥᠷᠦ ᠢᠢᠨ 2234᠂ ᠶᠡᠬᠡ ᠮᠣᠩ᠋ᠭᠤᠯ ᠤᠯᠤᠰ ᠪᠠᠢᠢᠭᠤᠯᠤᠭᠳᠠᠭᠰᠠᠨ ᠤ 819᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 114᠂ ᠠᠷᠠᠳ ᠤᠨ ᠬᠤᠪᠢᠰᠬᠠᠯ ᠤᠨ 104᠂ ᠠᠷᠠᠳᠴᠢᠯᠠᠭᠰᠠᠨ ᠬᠤᠪᠢᠰᠬᠠᠯ ᠤᠨ 35 ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠤ᠊᠂ ᠶᠡ᠊᠂ ᠬᠤᠷᠠᠯ ᠤᠨ ᠳᠠᠷᠤᠭ᠎ᠠ ᠳᠠᠰᠢᠵᠡᠭ᠍᠍ᠪᠡ ᠢᠢᠨ ᠠᠮᠤᠷᠪᠠᠶᠠᠰᠬᠤᠯᠠᠩ᠂ ᠶᠡᠷᠦᠩᠬᠡᠶ ᠰᠠᠢᠢᠳ ᠭᠣᠮᠪᠤᠵᠠᠪ ᠤᠨ ᠽᠠᠨᠳᠠᠨᠰᠢᠲᠠᠷ ᠠ ᠨᠠᠷ ᠵᠠᠩᠵᠤᠨ ᠳᠠ᠊·ᠰᠦᠬᠡᠪᠠᠭᠠᠲᠤᠷ ᠤᠨ ᠬᠥᠰᠢᠶᠡᠨ ᠳᠥ ᠴᠡᠴᠡᠭ ᠡᠷᠭᠦᠵᠦ᠂ ᠶᠡᠬᠡ ᠡᠵᠡᠨ ᠴᠢᠩᠬᠢᠰ ᠬᠠᠭᠠᠨ ᠤ ᠬᠥᠰᠢᠶᠡᠨ ᠳᠥ ᠬᠦᠨᠳᠦᠳᠬᠡᠯ ᠦᠵᠡᠭᠦᠯᠦᠯ᠎ᠡ᠃

ᠬᠦᠨᠳᠦᠳᠬᠡᠯ ᠦᠨ ᠶᠣᠰᠤᠯᠠᠯ ᠳᠤ ᠤ᠊᠂ ᠶᠡ᠊᠂ ᠬᠤᠷᠠᠯ᠂ ᠵᠠᠰᠠᠭ ᠤᠨ ᠭᠠᠵᠠᠷ ᠤᠨ ᠭᠡᠰᠢᠭᠦᠳ᠂ ᠲᠥᠷᠦ᠂ ᠵᠠᠬᠢᠷᠭᠠᠨ ᠤ ᠪᠠᠢᠢᠭᠤᠯᠤᠯᠭ᠎ᠠ ᠢᠢᠨ ᠤᠳᠤᠷᠢᠳᠤᠯᠭ᠎ᠠ᠂ ᠮᠣᠩ᠋ᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠨᠠᠷ᠂ ᠣᠯᠠᠨ ᠤᠯᠤᠰ ᠤᠨ ᠪᠠᠢᠢᠭᠤᠯᠤᠯᠭ᠎ᠠ ᠢᠢᠨ ᠲᠥᠯᠦᠭᠡᠯᠡᠯ ᠪᠣᠯᠤᠨ ᠠᠯᠪᠠᠨ ᠤ ᠪᠤᠰᠤᠳ ᠬᠦᠮᠦᠨ᠂ ᠢᠷᠭᠡᠳ ᠦᠨ ᠲᠥᠯᠦᠭᠡᠯᠡᠯ ᠣᠷᠤᠯᠴᠠᠯ᠎ᠠ᠃