ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠥᠨᠦᠳᠦᠷ ᠵᠠᠷᠯᠢᠭ ᠭᠠᠷᠭᠠᠵᠤ᠂ ᠲᠤᠯᠭᠤᠷ ᠲᠥᠷᠦ ᠢᠢᠨ 2234 ᠵᠢᠯ᠂ ᠶᠡᠬᠡ ᠮᠣᠩ᠋ᠭᠤᠯ ᠤᠯᠤᠰ ᠪᠠᠢᠢᠭᠤᠯᠤᠭᠳᠠᠭᠰᠠᠨ ᠤ 819 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 114 ᠵᠢᠯ᠂ ᠠᠷᠠᠳ ᠤᠨ ᠬᠤᠪᠢᠰᠬᠠᠯ ᠤᠨ 104 ᠵᠢᠯ᠂ ᠠᠷᠠᠳᠴᠢᠯᠠᠭᠰᠠᠨ ᠬᠤᠪᠢᠰᠬᠠᠯ ᠤᠨ 35 ᠵᠢᠯ ᠦᠨ ᠣᠢ᠂ ᠤᠯᠤᠰ ᠤᠨ ᠪᠠᠶᠠᠷ ᠨᠠᠭᠠᠳᠤᠮ ᠤᠨ ᠦᠨᠳᠦᠰᠦᠨ ᠦ ᠰᠤᠷ ᠤᠨ ᠬᠠᠷᠪᠤᠭᠠᠨ ᠤ ᠲᠥᠷᠦᠯ ᠳᠥ ᠠᠮᠵᠢᠯᠲᠠ ᠲᠠᠢ ᠣᠷᠤᠯᠴᠠᠵᠤ᠂ ᠤᠯᠤᠰ ᠤᠨ ᠴᠣᠯᠠ ᠢᠢᠨ ᠪᠣᠯᠵᠤᠯ ᠬᠠᠩ᠋ᠭᠠᠭᠰᠠᠨ ᠬᠠᠷᠪᠤᠭᠠᠴᠢᠳ ᠲᠤ ᠴᠣᠯᠠ ᠣᠯᠭᠤᠯ᠎ᠠ᠃
«ᠤᠯᠤᠰ ᠤᠨ ᠴᠣᠯᠠ ᠣᠯᠭᠤᠬᠤ ᠲᠤᠬᠠᠶ» ᠵᠠᠷᠯᠢᠭ ᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠠ᠊·ᠦᠢᠯᠡᠰᠲᠡᠭᠦᠯᠳᠡᠷ ᠤᠩᠰᠢᠵᠤ ᠲᠠᠨᠢᠯᠴᠠᠭᠤᠯᠤᠭᠰᠠᠨ ᠤ ᠳᠠᠷᠠᠭ᠎ᠠ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠠᠷᠪᠤᠭᠠᠴᠢᠳ ᠲᠤ ᠮᠣᠩ᠋ᠭᠤᠯ ᠤᠯᠤᠰ ᠤᠨ ᠴᠣᠯᠠ ᠢᠢᠨ ᠪᠠᠲᠤᠯᠠᠮᠵᠢ᠂ ᠲᠡᠮᠳᠡᠭ ᠢ ᠨᠢ ᠭᠠᠷᠳᠠᠭᠤᠯᠤᠨ ᠥᠭᠴᠦ᠂ ᠪᠠᠶᠠᠷ ᠬᠦᠷᠭᠡᠯ᠎ᠡ᠃
ᠦᠨᠳᠦᠰᠦᠨ ᠦ ᠰᠤᠷ ᠤᠨ ᠬᠠᠷᠪᠤᠭᠠᠨ ᠳᠤ ᠡᠷᠡᠭᠲᠡᠶ ᠬᠠᠷᠪᠤᠭᠠᠴᠢᠳ ᠠᠴᠠ:
• 40 ᠰᠤᠮᠤᠨ ᠠᠴᠠ 38 ᠰᠤᠮᠤ ᠣᠨᠤᠵᠤ ᠬᠣᠶᠠᠳ᠋ᠤᠭᠠᠷ ᠪᠠᠢᠢᠷᠢ ᠡᠵᠡᠯᠡᠭᠰᠡᠨ ᠪᠠᠶᠠᠨᠬᠣᠩ᠋ᠭᠤᠷ ᠠᠢᠢᠮᠠᠭ ᠤᠨ ᠪᠠᠶᠠᠨᠯᠢᠭ ᠰᠤᠮᠤ ᠢᠢᠨ ᠤᠤᠭᠠᠯ᠂ ᠪᠠᠶᠠᠨᠬᠣᠩ᠋ᠭᠤᠷ ᠠᠢᠢᠮᠠᠭ ᠤᠨ ᠦᠨᠳᠦᠰᠦᠨ ᠦ ᠰᠤᠷ ᠤᠨ ᠬᠣᠯᠪᠤᠭᠠᠨ ᠤ ᠬᠠᠷᠪᠤᠭᠠᠴᠢ ᠪᠠᠶᠠᠷᠳᠠᠸᠠ ᠢᠢᠨ ᠪᠠᠶᠠᠨᠮᠥ᠋ᠩᠬᠡ ᠳᠥ «ᠤᠯᠤᠰ ᠤᠨ ᠭᠠᠷᠮᠠᠭᠠᠶ ᠬᠠᠷᠪᠤᠭᠠᠴᠢ» ᠴᠣᠯᠠ᠂
• 40 ᠰᠤᠮᠤᠨ ᠠᠴᠠ 38 ᠰᠤᠮᠤ ᠣᠨᠤᠵᠤ ᠲᠡᠷᠢᠭᠦᠨ ᠪᠠᠢᠢᠷᠢ ᠡᠵᠡᠯᠡᠭᠰᠡᠨ ᠪᠠᠶᠠᠨ-ᠥᠯᠦᠭᠡᠶ ᠠᠢᠢᠮᠠᠭ ᠤᠨ ᠪᠤᠶᠠᠨᠲᠤ ᠰᠤᠮᠤ ᠢᠢᠨ ᠤᠤᠭᠠᠯ᠂ «ᠠᠯᠳᠠᠷ» ᠰᠫᠣᠷᠲ ᠬᠣᠷᠢᠶᠠᠨ ᠤ ᠬᠠᠷᠪᠤᠭᠠᠴᠢ ᠬᠠᠢᠢᠳᠤᠪ ᠤᠨ ᠬᠦᠷᠡᠯᠲᠤᠶᠠᠭᠠ ᠳᠤ «ᠤᠯᠤᠰ ᠤᠨ ᠮᠡᠷᠭᠡᠨ» ᠴᠣᠯᠠ᠃


ᠦᠨᠳᠦᠰᠦᠨ ᠦ ᠰᠤᠷ ᠤᠨ ᠬᠠᠷᠪᠤᠭᠠᠨ ᠳᠤ ᠡᠮᠡᠭᠲᠡᠶ ᠬᠠᠷᠪᠤᠭᠠᠴᠢᠳ ᠠᠴᠠ:
• 40 ᠰᠤᠮᠤᠨ ᠠᠴᠠ 36 ᠰᠤᠮᠤ ᠣᠨᠤᠵᠤ ᠲᠠᠪᠤᠳ᠋ᠤᠭᠠᠷ ᠪᠠᠢᠢᠷᠢ ᠡᠵᠡᠯᠡᠭᠰᠡᠨ ᠬᠥᠪᠰᠦᠭᠥᠯ ᠠᠢᠢᠮᠠᠭ ᠤᠨ ᠰᠢᠨ᠎ᠡ-ᠢᠳᠡᠷ ᠰᠤᠮᠤ ᠢᠢᠨ ᠤᠤᠭᠠᠯ᠂ «ᠴᠡᠴᠡ ᠴᠢᠨᠳᠠᠮᠠᠨᠢ» ᠬᠠᠷᠪᠤᠭᠠᠴᠢᠳ ᠤᠨ ᠬᠣᠯᠪᠤᠭᠠᠨ ᠤ ᠬᠠᠷᠪᠤᠭᠠᠴᠢ ᠪᠠᠶᠠᠨᠮᠥ᠋ᠩᠬᠡ ᠢᠢᠨ ᠱᠤᠭᠠᠷᠠᠮ ᠠ ᠳᠤ «ᠤᠯᠤᠰ ᠤᠨ ᠲᠣᠳᠤ ᠬᠠᠷᠪᠤᠭᠠᠴᠢ» ᠴᠣᠯᠠ᠂
• 40 ᠰᠤᠮᠤᠨ ᠠᠴᠠ 36 ᠰᠤᠮᠤ ᠣᠨᠤᠵᠤ ᠳᠥᠷᠪᠡ᠊ᠳ᠋ᠦᠭᠡᠷ ᠪᠠᠢᠢᠷᠢ ᠡᠵᠡᠯᠡᠭᠰᠡᠨ ᠬᠥᠪᠰᠦᠭᠥᠯ ᠠᠢᠢᠮᠠᠭ ᠤᠨ ᠮᠥᠷᠡᠨ ᠰᠤᠮᠤ ᠢᠢᠨ ᠤᠤᠭᠠᠯ᠂ «ᠠᠯᠳᠠᠷ ᠰᠫᠣᠷᠲ» ᠬᠣᠷᠢᠶᠠᠨ ᠤ ᠬᠠᠷᠪᠤᠭᠠᠴᠢ ᠠᠯᠠᠭ-ᠡᠷᠳᠡᠨᠢ ᠢᠢᠨ ᠰᠣᠳᠨᠠᠮᠫᠢᠯ ᠳᠤ «ᠤᠯᠤᠰ ᠤᠨ ᠣᠨᠴᠢ ᠬᠠᠷᠪᠤᠭᠠᠴᠢ» ᠴᠣᠯᠠ᠂
• 40 ᠰᠤᠮᠤᠨ ᠠᠴᠠ 36 ᠰᠤᠮᠤ ᠣᠨᠤᠵᠤ ᠭᠤᠷᠪᠠᠳ᠋ᠤᠭᠠᠷ ᠪᠠᠢᠢᠷᠢ ᠡᠵᠡᠯᠡᠭᠰᠡᠨ ᠥᠪᠦᠷᠬᠠᠩ᠋ᠭᠠᠶ ᠠᠢᠢᠮᠠᠭ ᠤᠨ ᠪᠦᠷᠢᠳᠦ ᠰᠤᠮᠤ ᠢᠢᠨ ᠤᠤᠭᠠᠯ᠂ ᠥᠪᠦᠷᠬᠠᠩ᠋ᠭᠠᠶ ᠠᠢᠢᠮᠠᠭ ᠤᠨ ᠦᠨᠳᠦᠰᠦᠨ ᠦ ᠰᠤᠷ ᠤᠨ ᠬᠣᠯᠪᠤᠭᠠᠨ ᠤ ᠬᠠᠷᠪᠤᠭᠠᠴᠢ ᠨᠠᠸᠠᠩᠲᠤᠶᠠᠭᠠ ᠢᠢᠨ ᠪᠠᠨᠵᠠᠷᠠᠭᠴᠠ ᠳᠤ «ᠤᠯᠤᠰ ᠤᠨ ᠭᠣᠴᠤ ᠬᠠᠷᠪᠤᠭᠠᠴᠢ» ᠴᠣᠯᠠ᠂
• 40 ᠰᠤᠮᠤᠨ ᠠᠴᠠ 38 ᠰᠤᠮᠤ ᠣᠨᠤᠵᠤ ᠲᠡᠷᠢᠭᠦᠨ ᠪᠠᠢᠢᠷᠢ ᠡᠵᠡᠯᠡᠭᠰᠡᠨ ᠳᠣᠷᠤᠨᠠᠳᠤ ᠠᠢᠢᠮᠠᠭ ᠤᠨ ᠬᠥᠯᠦᠨᠪᠤᠢᠢᠷ ᠰᠤᠮᠤ ᠢᠢᠨ ᠤᠤᠭᠠᠯ᠂ ᠳᠣᠷᠤᠨᠠᠳᠤ ᠠᠢᠢᠮᠠᠭ ᠤᠨ ᠪᠠᠶᠠᠨᠳᠤᠩ ᠰᠤᠮᠤ ᠢᠢᠨ ᠬᠠᠷᠢᠶᠠᠲᠤ᠂ ᠬᠠᠯᠢᠭᠤᠨ-ᠥᠨᠳᠦᠷ ᠪᠠᠭ ᠤᠨ ᠬᠠᠷᠪᠤᠭᠠᠴᠢ ᠴᠠᠭᠨᠠᠳᠣᠷᠵᠢ ᠢᠢᠨ ᠭᠠᠩᠳᠠᠸᠠ ᠳᠤ «ᠤᠯᠤᠰ ᠤᠨ ᠮᠡᠷᠭᠡᠨ» ᠴᠣᠯᠠ ᠲᠤᠰ ᠲᠤᠰ ᠣᠯᠭᠤᠯ᠎ᠠ᠃


