ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠤᠯᠭᠤᠷ ᠲᠥᠷᠦ ᠢᠢᠨ 2234 ᠵᠢᠯ᠂ ᠶᠡᠬᠡ ᠮᠣᠩ᠋ᠭᠤᠯ ᠤᠯᠤᠰ ᠤᠨ 819 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 114 ᠵᠢᠯ᠂ ᠠᠷᠠᠳ ᠤᠨ ᠬᠤᠪᠢᠰᠬᠠᠯ ᠤᠨ 104 ᠵᠢᠯ᠂ ᠠᠷᠠᠳᠴᠢᠯᠠᠭᠰᠠᠨ ᠬᠤᠪᠢᠰᠬᠠᠯ ᠤᠨ 35 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ:
«ᠮᠠᠨ ᠤ ᠤᠯᠤᠰ ᠤᠨ ᠡᠷᠬᠢᠮ ᠬᠦᠨᠳᠦᠲᠦ ᠠᠷᠠᠳ ᠢᠷᠭᠡᠳ ᠡ᠂
ᠡᠷᠬᠢᠮ ᠬᠦᠨᠳᠦᠲᠦ ᠵᠣᠴᠢᠳ ᠡ᠂
ᠡᠷᠬᠢᠮ ᠬᠦᠨᠳᠦᠲᠦ ᠨᠠᠭᠠᠳᠤᠮᠴᠢᠳ ᠠ᠋᠂
ᠳᠡᠯᠭᠡᠷ ᠮᠣᠩ᠋ᠭᠤᠯ ᠣᠷᠤᠨ ᠤ ᠮᠢᠨᠢ ᠲᠦᠮᠡᠨ ᠦᠵᠡᠰᠬᠦᠯᠡᠩ ᠪᠦᠷᠢᠳᠴᠦ᠂ ᠤᠰᠤᠨ ᠤ ᠲᠤᠩ᠋ᠭᠠᠯᠠᠭ᠂ ᠤᠷᠭᠤᠮᠠᠯ ᠤᠨ ᠰᠣᠷ ᠵᠢᠭᠳᠡᠷᠡᠭᠰᠡᠨ ᠡᠨᠡ ᠰᠠᠢᠢᠬᠠᠨ ᠡᠳᠦᠷ ᠦᠳ ᠲᠥ ᠮᠣᠩ᠋ᠭᠤᠯᠴᠤᠳ ᠪᠢᠳᠡ ᠲᠥᠷᠦᠲᠦ ᠶᠣᠰᠤᠨ ᠤ ᠶᠡᠬᠡ ᠪᠠᠶᠠᠷ ᠴᠡᠩ᠋ᠭᠡᠯ᠂ ᠦᠨᠳᠦᠰᠦᠨ ᠦ ᠶᠡᠬᠡ ᠪᠠᠶᠠᠷ ᠨᠠᠭᠠᠳᠤᠮ ᠢᠶᠠᠨ ᠶᠣᠰᠤᠯᠠᠯ ᠲᠡᠭᠦᠯᠳᠡᠷ᠂ ᠢᠷᠦᠭᠡᠯ ᠪᠡᠯᠭᠡᠳᠡᠯ ᠳᠦᠭᠦᠷᠡᠩ᠂ ᠲᠡᠭᠰᠢ ᠰᠠᠢᠢᠬᠠᠨ ᠲᠡᠮᠳᠡᠭᠯᠡᠯ᠎ᠡ᠃
ᠲᠠᠯ᠎ᠠ ᠨᠤᠲᠤᠭ ᠢᠶᠠᠨ ᠬᠣᠲᠤᠯᠵᠠᠭᠤᠯᠤᠭᠰᠠᠨ ᠬᠤᠷᠳᠤᠨ ᠬᠦᠯᠦᠭ ᠦᠨ ᠲᠥᠪᠦᠷᠭᠡᠨ᠂ ᠬᠦᠢ ᠮᠠᠨᠳᠠᠯ ᠢᠶᠠᠨ ᠥᠨᠳᠡᠯᠵᠡᠭᠦᠯᠦᠭᠰᠡᠨ ᠬᠦᠴᠦᠲᠦ ᠪᠥᠬᠡ ᠢᠢᠨ ᠳᠡᠪᠡᠭᠡ᠂ ᠬᠥᠬᠡ ᠲᠩᠷᠢ ᠲᠥ ᠪᠡᠨ ᠢᠰᠬᠡᠷᠦᠭᠰᠡᠨ ᠡᠷᠴᠢᠲᠦ ᠰᠤᠮᠤᠨ ᠤ ᠤᠤᠬᠠᠶ ᠢᠢᠨ ᠳᠣᠣᠷ᠎ᠠ ᠮᠣᠩ᠋ᠭᠤᠯᠴᠤᠳ ᠪᠢᠳᠡ ᠰᠦᠯᠳᠡ ᠬᠡᠢᠢᠮᠣᠷᠢ ᠪᠠᠨ ᠰᠡᠷᠭᠦᠭᠡᠵᠦ᠂ ᠰᠡᠳᠬᠢᠯ ᠣᠶᠤᠨ ᠢᠶᠠᠨ ᠪᠠᠶᠠᠰᠬᠠᠨ ᠬᠣᠲᠠᠯᠠ ᠣᠯᠠᠨ ᠢᠶᠠᠷ ᠢᠶᠠᠨ ᠳᠡᠨᠵᠢ ᠬᠣᠲᠤᠢᠢᠲᠠᠯᠠ ᠳᠡᠯᠭᠡᠷ ᠰᠠᠢᠢᠬᠠᠨ ᠨᠠᠭᠠᠳᠤᠯ᠎ᠠ᠃

«ᠨᠠᠭᠠᠳᠤᠮ ᠤᠨ ᠮᠠᠷᠭᠠᠰᠢ ᠨᠠᠮᠤᠷ» ᠬᠡᠮᠡᠨ ᠮᠠᠨ ᠤ ᠠᠷᠠᠳ ᠲᠦᠮᠡᠨ ᠬᠡᠯᠡᠳᠡᠭ᠃
ᠪᠠᠢᠢᠭᠠᠯᠢ ᠢᠢᠨ ᠶᠣᠰᠤ᠂ ᠴᠠᠭ ᠤᠨ ᠡᠷᠬᠡ ᠪᠡᠷ ᠬᠦᠢᠲᠡᠨ ᠦ ᠠᠮᠠ ᠨᠠᠰᠢᠯᠠᠵᠤ᠂ ᠬᠥᠬᠦᠦᠷ ᠦᠨ ᠠᠮᠠ ᠴᠠᠰᠢᠯᠠᠬᠤ ᠢᠢ ᠰᠠᠨᠠᠵᠤ᠂ ᠬᠠᠲᠠᠭᠤ ᠡᠪᠦᠯ ᠢ ᠥᠩ ᠲᠡᠢ᠂ ᠬᠠᠬᠢᠷ ᠬᠠᠪᠤᠷ ᠢ ᠬᠠᠪᠤᠲᠠᠢ ᠳᠠᠪᠠᠬᠤ ᠪᠡᠯᠡᠳᠬᠡᠯ ᠢᠶᠡᠨ ᠡᠷᠲᠡᠨ ᠡᠴᠡ ᠪᠠᠵᠠᠭᠠᠵᠤ᠂ ᠠᠵᠤ ᠠᠮᠢᠳᠤᠷᠠᠯ᠂ ᠠᠵᠢᠯ ᠦᠢᠯᠡᠰ ᠢᠶᠡᠨ ᠴᠡᠭᠴᠠᠯᠡᠵᠦ᠂ ᠲᠥᠷᠦ᠂ ᠵᠠᠰᠠᠭ᠂ ᠲᠦᠮᠡᠨ ᠣᠯᠠᠨ ᠢᠶᠠᠷ ᠢᠶᠠᠨ ᠴᠠᠭ ᠠᠯᠳᠠᠯ ᠦᠭᠡᠶ ᠬᠢᠴᠢᠶᠡᠩ᠋ᠭᠦᠢᠢᠯᠡᠨ ᠵᠢᠳᠬᠦᠬᠦ ᠤᠴᠢᠷ ᠲᠠᠢ᠃

ᠬᠠᠮᠢᠭ᠎ᠠ ᠡᠪ ᠨᠢᠭᠡᠳᠦᠯ ᠪᠠᠢᠢᠨ᠎ᠠ᠂ ᠲᠡᠨᠳᠡ ᠬᠦᠴᠦ ᠴᠢᠳᠠᠯ ᠣᠷᠤᠰᠢᠳᠠᠭ ᠪᠢᠯᠡ᠃
ᠲᠡᠢᠢᠮᠦ ᠡᠴᠡ ᠮᠣᠩ᠋ᠭᠤᠯ ᠬᠦᠮᠦᠨ ᠪᠦᠷᠢ ᠬᠠᠯᠠᠭᠤᠨ ᠵᠠᠭᠤᠷ᠎ᠠ ᠪᠠᠨ ᠡᠶ᠎ᠡ ᠡᠪ ᠢᠶᠡᠨ ᠬᠢᠴᠢᠶᠡᠵᠦ᠂ ᠨᠢᠭᠡ ᠮᠣᠩ᠋ᠭᠤᠯ᠂ ᠨᠢᠭᠡ ᠠᠷᠠᠳ ᠲᠦᠮᠡᠨ᠂ ᠨᠢᠭᠡ ᠭᠡᠷ ᠪᠦᠯᠦ ᠭᠡᠳᠡᠭ ᠢᠶᠡᠨ ᠢᠮᠠᠭᠲᠠ ᠰᠠᠨᠠᠵᠤ᠂ ᠠᠭᠤᠳᠠᠮ ᠬᠠᠷᠠᠵᠤ᠂ ᠠᠭᠤᠵᠢᠮ ᠰᠡᠳᠬᠢᠨ᠂ ᠪᠡᠶ᠎ᠡ ᠪᠡᠶ᠎ᠡ ᠪᠡᠨ ᠬᠠᠢᠢᠷᠠᠯᠠᠵᠤ᠂ ᠪᠡᠶ᠎ᠡ ᠪᠡᠶ᠎ᠡ ᠪᠡᠨ ᠬᠠᠮᠠᠭᠠᠯᠠᠵᠤ᠂ ᠪᠡᠶ᠎ᠡ ᠪᠡᠶ᠎ᠡ ᠪᠡᠨ ᠳᠡᠮᠵᠢᠵᠦ᠂ ᠤᠯᠤᠰ ᠡᠬᠡ ᠣᠷᠤᠨ ᠢᠶᠠᠨ ᠬᠥᠭ᠍ᠵᠢᠭᠦᠯᠵᠦ᠂ ᠠᠷᠠᠳ ᠲᠦᠮᠡᠨ ᠢᠶᠡᠷ ᠢᠶᠡᠨ ᠠᠮᠤᠷ ᠠᠮᠤᠭᠤᠯᠠᠩ ᠠᠮᠢᠳᠤᠷᠠᠬᠤ ᠤᠴᠢᠷ ᠲᠠᠢ᠃

ᠠᠷᠭᠠᠮᠠᠭ ᠬᠦᠯᠦᠭ ᠦᠳ ᠨᠢ ᠬᠤᠷᠳᠤᠨ᠂ ᠠᠪᠤᠷᠭᠤ ᠪᠥᠬᠡᠴᠦᠳ ᠨᠢ ᠬᠦᠴᠦ ᠲᠡᠢ᠂ ᠡᠷᠡᠮᠡᠭᠡᠶ ᠬᠠᠷᠪᠤᠭᠠᠴᠢᠳ ᠨᠢ ᠴᠡᠴᠡ ᠲᠡᠢ᠂ ᠬᠣᠲᠠᠯᠠ ᠣᠯᠠᠨ ᠢᠶᠠᠷ ᠢᠶᠠᠨ ᠪᠠᠬᠠᠳᠤᠯ ᠲᠠᠢ᠂ ᠥᠨᠳᠦᠷ ᠲᠥᠷᠦ᠂ ᠥᠷᠭᠡᠨ ᠲᠦᠮᠡᠨ ᠦ ᠶᠡᠬᠡ ᠪᠠᠶᠠᠷ ᠴᠡᠩ᠋ᠭᠡᠯ – ᠦᠨᠳᠦᠰᠦᠨ ᠦ ᠶᠡᠬᠡ ᠪᠠᠶᠠᠷ ᠨᠠᠭᠠᠳᠤᠮ ᠡᠢᠢᠨ ᠬᠦ ᠡᠨᠡ ᠵᠢᠯ ᠦᠨ ᠥᠩ᠋ᠭᠡ ᠵᠢᠪᠬᠤᠭ᠎ᠠ ᠢᠢ ᠨᠡᠮᠡᠵᠦ᠂ ᠢᠲᠡᠭᠡᠯ ᠵᠣᠷᠢᠭ ᠢ ᠳᠦᠭᠦᠷᠡᠭᠡᠵᠦ᠂ ᠴᠣᠭ ᠬᠡᠢᠢᠮᠣᠷᠢ ᠢᠢ ᠪᠠᠳᠠᠷᠠᠭᠠᠨ ᠶᠣᠰᠤᠯᠠᠯ ᠲᠡᠭᠦᠯᠳᠡᠷ ᠥᠨᠳᠦᠷᠯᠡᠵᠦ ᠪᠠᠢᠢᠨ᠎ᠠ᠃
ᠮᠣᠩ᠋ᠭᠤᠯ ᠨᠠᠭᠠᠳᠤᠮ ᠥᠨᠢ ᠮᠥᠩᠬᠡᠳᠡ ᠣᠷᠤᠰᠢᠵᠤ᠂ ᠮᠣᠩ᠋ᠭᠤᠯ ᠬᠦᠮᠦᠨ ᠪᠦᠷᠢ ᠪᠡᠶ᠎ᠡ ᠡᠷᠡᠭᠦᠯ᠂ ᠤᠬᠠᠭᠠᠨ ᠰᠠᠷᠠᠭᠤᠯ᠂ ᠡᠷᠳᠡᠮ ᠲᠡᠭᠦᠰ ᠪᠠᠢᠢᠵᠤ᠂ ᠮᠣᠩ᠋ᠭᠤᠯ ᠲᠦᠮᠡᠨ ᠦ ᠰᠦᠯᠳᠡ ᠬᠡᠢᠢᠮᠣᠷᠢ ᠥᠨᠢ ᠮᠥᠩᠬᠡᠳᠡ ᠪᠠᠳᠠᠷᠠᠬᠤ ᠢᠢᠨ ᠥᠯᠵᠡᠢ ᠲᠡᠢ ᠰᠠᠢᠢᠬᠠᠨ ᠢᠷᠦᠭᠡᠯ ᠢ ᠡᠷᠭᠦᠨ ᠳᠡᠪᠰᠢᠭᠦᠯᠦᠶ ᠡ᠃
ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠤᠯ ᠤᠯᠤᠰ ᠮᠠᠨᠳᠤᠨ ᠪᠠᠳᠠᠷᠠᠬᠤ ᠪᠣᠯᠲᠤᠭᠠᠶ» ᠭᠡᠯᠡ᠃

