Та "Internet explorer"-ийн сүүлийн хувилбар болох "Microsoft edge"-г ашиглана уу

Хэрэв "Microsoft edge"-г татах бол энд дарж татаж авна уу

ᠠᠮᠧᠷᠢᠺᠠ ᠢᠢᠨ ᠨᠢᠭᠡᠳᠦᠭᠰᠡᠨ ᠤᠯᠤᠰ ᠤᠨ ᠻᠣᠨ᠋ᠭ᠍ᠷᠸᠰᠰ ᠤᠨ ᠲᠥᠯᠥᠭᠡᠯᠡᠭᠴᠢᠳ ᠦᠨ ᠲᠠᠩᠬᠢᠮ ᠳᠤ ᠬᠡᠯᠡᠯᠴᠡᠭᠦᠯᠬᠦ ᠪᠡᠷ ᠡᠷᠭᠦᠨ ᠪᠠᠷᠢᠭᠰᠠᠨ ᠭᠤᠷᠪᠠᠳᠠᠭᠴᠢ ᠬᠥᠷᠰᠢ ᠢᠢᠨ ᠬᠤᠳᠠᠯᠳᠤᠭᠠᠨ ᠤ ᠬᠠᠤᠯᠢ ᠢᠢ ᠮᠣᠩ᠍ᠭᠣᠯ ᠤᠯᠤᠰ ᠤᠨ ᠶᠡᠷᠦᠩᠬᠡᠢᠢᠯᠡᠭᠴᠢ ᠪᠦᠷᠢᠨ ᠳᠡᠮᠵᠢᠵᠦ ᠪᠠᠢᠢᠨ᠎ᠠ

ᠠᠮᠧᠷᠢᠺᠠ ᠢᠢᠨ ᠨᠢᠭᠡᠳᠦᠭᠰᠡᠨ ᠤᠯᠤᠰ ᠤᠨ ᠻᠣᠨ᠋ᠭ᠍ᠷᠸᠰᠰ ᠤᠨ ᠨᠡᠷ᠎ᠡ ᠪᠦᠬᠦᠢ ᠭᠡᠰᠢᠭᠦᠳ 2018 ᠣᠨ ᠤ ᠳᠣᠯᠣᠳᠤᠭᠠᠷ ᠰᠠᠷ᠎ᠠ ᠢᠢᠨ 26 ᠍ ᠤ ᠡᠳᠦᠷ ᠭᠤᠷᠪᠠᠳᠠᠭᠴᠢ ᠬᠥᠷᠰᠢ ᠢᠢᠨ ᠬᠤᠳᠠᠯᠳᠤᠭᠠᠨ ᠤ ᠬᠠᠤᠯᠢ ᠢᠢ ᠬᠡᠯᠡᠯᠴᠡᠭᠦᠯᠬᠦ ᠪᠡᠷ ᠻᠣᠨ᠋ᠭ᠍ᠷᠸᠰᠰ ᠲᠤ ᠡᠷᠭᠦᠨ ᠪᠠᠷᠢᠭᠰᠠᠨ ᠶᠤᠮ᠃ ᠡᠨᠡᠬᠦ ᠬᠠᠤᠯᠢ ᠢᠢᠨ ᠲᠥᠰᠥᠯ ᠪᠠᠲᠤᠯᠠᠭᠳᠠᠭᠰᠠᠨ ᠢᠶᠠᠷ ᠮᠣᠩ᠍ᠭᠣᠯ ᠤᠨ ᠣᠶᠣᠮᠠᠯ᠂ ᠰᠦᠯᠵᠢᠮᠡᠯ ᠪᠦᠲᠦᠭᠡᠭ᠍ᠳᠡᠬᠦᠨ ᠠᠮᠧᠷᠢᠺᠠ ᠢᠢᠨ ᠨᠢᠭᠡᠳᠦᠭᠰᠡᠨ ᠤᠯᠤᠰ ᠢᠢᠨ ᠵᠠᠬ᠎ᠠ ᠵᠡᠭᠡᠯᠢ ᠳᠥ ᠲᠠᠲᠠᠪᠤᠷᠢ ᠦᠭᠡᠢ ᠡᠺᠰᠫᠣᠷᠲ᠋ᠯᠠᠭᠳᠠᠬᠤ᠂ ᠮᠣᠩ᠍ᠭᠣᠯ ᠤᠯᠤᠰ-ᠠᠮᠧᠷᠢᠺᠠ ᠢᠢᠨ ᠨᠢᠭᠡᠳᠦᠭᠰᠡᠨ ᠤᠯᠤᠰ ᠤᠨ ᠬᠣᠭᠣᠷᠣᠨᠳᠣᠬᠢ ᠬᠤᠳᠠᠯᠳᠤᠭ᠎ᠠ ᠨᠡᠮᠡᠭᠳᠡᠬᠦ ᠡᠴᠡ ᠭᠠᠳᠠᠨ᠎ᠠ ᠣᠶᠣᠮᠠᠯ᠂ ᠰᠦᠯᠵᠢᠮᠡᠯ ᠪᠦᠲᠦᠭᠡᠭ᠍ᠳᠡᠬᠦᠨ ᠦ ᠰᠠᠯᠪᠤᠷᠢ ᠳᠤ ᠮᠣᠩ᠍ᠭᠣᠯ ᠡᠮᠡᠭᠲᠡᠢᠢᠴᠦᠳ ᠦᠨ ᠠᠵᠢᠯ ᠤᠨ ᠪᠠᠢᠢᠷᠢ ᠣᠯᠠᠨ ᠢᠶᠠᠷ ᠨᠡᠮᠡᠭᠳᠡᠨ᠎ᠡ ᠭᠡᠵᠦ ᠦᠵᠡᠵᠦ ᠪᠠᠢᠢᠭ᠎ᠠ ᠶᠤᠮ᠃

ᠡᠨᠡᠬᠦ ᠭᠤᠷᠪᠠᠳᠠᠭᠴᠢ ᠬᠥᠷᠰᠢ ᠢᠢᠨ ᠬᠤᠳᠠᠯᠳᠤᠭᠠᠨ ᠤ ᠬᠠᠤᠯᠢ ᠢᠢᠨ ᠲᠥᠰᠥᠯ ᠢ ᠡᠷᠭᠦᠨ ᠪᠠᠷᠢᠭᠰᠠᠨ ᠲᠠᠢ ᠬᠣᠯᠪᠣᠭᠳᠠᠭᠤᠯᠤᠨ ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠠᠴᠠ ᠳᠠᠷᠠᠭᠠᠬᠢ ᠬᠡᠪᠯᠡᠯ ᠦᠨ ᠮᠡᠳᠡᠭᠡᠯᠡᠯ ᠢ ᠭᠠᠷᠭᠠᠵᠤ ᠪᠠᠢᠢᠨ᠎ᠠ᠃

ᠬᠡᠪᠯᠡᠯ ᠦᠨ ᠮᠡᠳᠡᠭᠡᠯᠡᠯ᠄

ᠠᠮᠧᠷᠢᠺᠠ ᠢᠢᠨ ᠨᠢᠭᠡᠳᠦᠭᠰᠡᠨ ᠤᠯᠤᠰ ᠤᠨ ᠻᠣᠨ᠋ᠭ᠍ᠷᠸᠰᠰ ᠤᠨ ᠲᠥᠯᠥᠭᠡᠯᠡᠭᠴᠢᠳ ᠦᠨ ᠲᠠᠩᠬᠢᠮ ᠳᠤ ᠬᠡᠯᠡᠯᠴᠡᠭᠦᠯᠬᠦ ᠪᠡᠷ ᠡᠷᠭᠦᠨ ᠪᠠᠷᠭᠠᠳ ᠪᠤᠢ ᠭᠤᠷᠪᠠᠳᠠᠭᠴᠢ ᠬᠥᠷᠰᠢ ᠢᠢᠨ ᠬᠤᠳᠠᠯᠳᠤᠭᠠᠨ ᠤ ᠬᠠᠤᠯᠢ ᠢᠢᠨ ᠲᠥᠰᠥᠯ ᠢ (ᠲᠥᠰᠥᠯ ᠢ ᠦᠵᠡᠬᠦ) ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠷᠢᠨ ᠳᠡᠮᠵᠢᠵᠦ᠂ ᠲᠥᠰᠥᠯ ᠢ ᠰᠠᠨᠠᠭᠠᠴᠢᠯᠠᠭᠴᠢᠳ ᠲᠤ ᠲᠠᠯᠠᠷᠬᠠᠯ ᠢᠶᠠᠨ ᠢᠯᠡᠷᠬᠡᠢᠢᠯᠡᠵᠦ ᠪᠠᠢᠢᠨ᠎ᠠ᠃ ᠠᠮᠧᠷᠢᠺᠠ ᠢᠢᠨ ᠨᠢᠭᠡᠳᠦᠭᠰᠡᠨ ᠤᠯᠤᠰ ᠤᠨ ᠬᠣᠶᠠᠷ ᠭᠣᠣᠯᠯᠠᠬᠤ ᠠᠷᠠᠳᠴᠢᠯᠠᠭᠰᠠᠨ ᠨᠠᠮ ᠪᠣᠯᠤᠨ ᠪᠦᠭᠦᠳᠡ ᠨᠠᠢᠢᠷᠠᠮᠳᠠᠬᠤ ᠨᠠᠮ ᠤᠨ ᠲᠥᠯᠥᠭᠡᠯᠡᠯ ᠻᠣᠨ᠋ᠭ᠍ᠷᠧᠰᠰ ᠤᠨ ᠭᠡᠰᠢᠭᠦᠳ ᠲᠸᠳ ᠢᠶᠣᠬᠣ᠋᠂ ᠳ᠋ᠠᠢᠢᠨ᠎ᠠ ᠲᠠᠢᠢᠲ᠋ᠤᠰ᠂ ᠳ᠋ᠣᠨ᠎ ᠶᠠᠩ᠂ ᠮᠠᠷᠺ ᠮᠧᠳᠦᠸᠦ᠋ᠰ᠂ ᠪᠷᠠᠢᠢᠨ ᠹᠢᠲ᠋ᠴᠫᠠᠲᠷᠢᠺ᠂ ᠡᠯᠢᠽ ᠰᠲ᠋ᠧᠹᠠᠨᠢᠺ᠂ ᠵᠠᠷᠡᠳ᠋ ᠫᠣᠯᠢᠰ᠂ ᠳ᠋ᠡᠸᠢᠳ᠋ ᠫᠷᠠᠢᠢᠰ᠂ ᠸᠢᠯᠯᠢᠶᠠᠮ ᠺᠢᠢᠲ᠋ᠢᠩ᠂ ᠳ᠋ᠸᠠᠢᠢᠲ ᠡᠸᠠᠨ᠋ᠰ ᠨᠠᠷ ᠨᠢ ᠮᠣᠩ᠍ᠭᠣᠯ ᠤᠯᠤᠰ ᠢ ᠳᠡᠮᠵᠢᠭᠴᠢ ᠠᠮᠧᠷᠢᠺᠠ ᠢᠢᠨ ᠤᠯᠤᠰ ᠲᠥᠷᠥ ᠢᠢᠨ ᠳᠡᠮᠵᠢᠯᠭᠡ ᠢᠢ ᠢᠯᠡᠳᠬᠡᠵᠦ ᠪᠠᠢᠢᠭ᠎ᠠ ᠶᠤᠮ᠃ ᠻᠣᠨ᠋ᠭ᠍ᠷᠧᠰᠰ ᠤᠨ ᠲᠥᠯᠥᠭᠡᠯᠡᠭᠴᠢᠳ ᠦᠨ ᠪᠣᠯᠤᠨ ᠰᠧᠨᠠᠲ ᠤᠨ ᠲᠠᠩᠬᠢᠮ ᠤᠭ ᠬᠠᠤᠯᠢ ᠢᠢᠨ ᠲᠥᠰᠥᠯ ᠢ ᠳᠡᠮᠵᠢᠨ ᠪᠠᠲᠤᠯᠠᠨ᠎ᠠ ᠭᠡᠳᠡᠭ ᠲᠥ ᠨᠠᠢᠢᠳᠠᠵᠤ ᠪᠠᠢᠢᠨ᠎ᠠ᠃

ᠮᠣᠩ᠍ᠭᠣᠯ ᠤᠯᠤᠰ ᠭᠠᠳᠠᠭᠠᠳᠤ ᠪᠣᠳᠣᠯᠭ᠎ᠠ ᠳᠤ ᠪᠠᠨ ᠡᠷᠬᠡ ᠲᠡᠭᠰᠢ ᠪᠠᠢᠢᠳᠠᠯ ᠪᠣᠯᠤᠨ ᠠᠰᠢᠭ ᠰᠣᠨᠢᠷᠬᠠᠯ ᠢᠶᠠᠨ ᠬᠠᠷᠢᠯᠴᠠᠨ ᠬᠦᠨᠳᠦᠯᠡᠬᠦ ᠵᠠᠷᠴᠢᠮ ᠤᠳ ᠢ ᠲᠤᠤᠱᠲᠠᠢ ᠪᠠᠷᠢᠮᠲᠠᠯᠠᠵᠤ ᠢᠷᠡᠭᠰᠡᠨ ᠶᠤᠮ᠃ ᠮᠣᠩ᠍ᠭᠣᠯ-ᠠᠮᠧᠷᠢᠺᠠ ᠢᠢᠨ ᠬᠠᠷᠢᠯᠴᠠᠭ᠎ᠠ ᠢᠢ ᠴᠢᠨᠠᠭᠰᠢᠳᠠ ᠤᠯᠠᠮ ᠪᠦᠷᠢ ᠡᠷᠴᠢᠮᠵᠢᠭᠦᠯᠬᠦ ᠳᠥ ᠴᠢᠬᠤᠯᠠ ᠠᠴᠢ ᠬᠣᠯᠪᠣᠭᠳᠠᠯ ᠪᠦᠬᠦᠢ ᠤᠭ ᠬᠠᠤᠯᠢ ᠢᠢᠨ ᠲᠥᠰᠥᠯ ᠨᠢ ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ᠂ ᠮᠣᠩ᠍ᠭᠣᠯ ᠤᠯᠤᠰ ᠤᠨ ᠡᠳ᠋ ᠍ ᠦᠨ ᠵᠠᠰᠠᠭ ᠤᠨ ᠠᠶᠤᠯ ᠦᠭᠡᠢ ᠪᠠᠢᠢᠳᠠᠯ ᠪᠣᠯᠤᠨ ᠠᠷᠠᠳᠴᠢᠯᠠᠯ ᠢ ᠪᠡᠬᠢᠵᠢᠭᠦᠯᠵᠦ ᠪᠤᠢ ᠢᠢᠨ ᠢᠯᠡᠷᠡᠯ ᠪᠣᠯᠬᠤ ᠶᠤᠮ᠃

ᠥᠩᠭᠡᠷᠡᠭᠰᠡᠨ ᠣᠨ ᠳᠤ ᠮᠣᠩ᠍ᠭᠣᠯ ᠤᠯᠤᠰ᠂ ᠠᠮᠧᠷᠢᠺᠠ ᠢᠢᠨ ᠨᠢᠭᠡᠳᠦᠭᠰᠡᠨ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 30 ᠵᠢᠯ ᠦᠨ ᠣᠢ ᠢᠢ ᠲᠡᠮᠳᠡᠭᠯᠡᠨ ᠥᠩᠭᠡᠷᠡᠭᠦᠯᠦᠭᠰᠡᠨ᠃ ᠬᠡᠳᠦᠢ ᠪᠡᠷ ᠮᠣᠩ᠍ᠭᠣᠯ ᠤᠯᠤᠰ ᠤᠨ ᠭᠠᠵᠠᠷ ᠨᠤᠲᠤᠭ ᠣᠷᠣᠰ  ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠬᠢᠯᠢᠯᠡᠳᠡᠭ ᠪᠣᠯᠪᠠᠴᠤ ᠪᠢᠳᠡ ᠠᠮᠧᠷᠢᠺᠠ ᠢᠢᠨ ᠨᠢᠭᠡᠳᠦᠭᠰᠡᠨ ᠤᠯᠤᠰ ᠢ 《ᠭᠤᠷᠪᠠᠳᠠᠭᠴᠢ ᠬᠥᠷᠰᠢ》 ᠬᠡᠮᠡᠨ ᠦᠵᠡᠳᠡᠭ ᠪᠢᠯᠡ᠃

2012 ᠣᠨ ᠳᠤ ᠬᠣᠶᠠᠷ ᠤᠯᠤᠰ ᠨᠡᠢᠢᠲᠡ 707 ᠰᠠᠶ᠎ᠠ ᠠᠮᠠ. ᠳ᠋ᠣᠯᠯᠠᠷ ᠤᠨ ᠬᠤᠳᠠᠯᠳᠤᠭ᠎ᠠ ᠬᠢᠵᠦ ᠰᠢᠨ᠎ᠡ ᠠᠮᠵᠢᠯᠲᠠ ᠢᠢ ᠲᠣᠭᠲᠠᠭᠠᠵᠤ ᠪᠠᠢᠢᠭᠰᠠᠨ ᠪᠣᠯ 2017 ᠣᠨ ᠳᠤ ᠮᠣᠩ᠍ᠭᠣᠯ ᠤᠯᠤᠰ ᠲᠤᠰ ᠤᠯᠤᠰ ᠤᠷᠤᠭᠤ ᠶᠡᠷᠦ᠎ ᠳ᠋ᠡᠭᠡᠨ 9.4 ᠰᠠᠶ᠎ᠠ ᠠᠮᠠ.ᠳ᠋ᠣᠯᠯᠠᠷ ᠤᠨ ᠡᠺᠰᠫᠣᠷᠲ ᠬᠢᠵᠦ᠂ 82.2 ᠰᠠᠶ᠎ᠠ ᠠᠮᠠ.ᠳ᠋ᠣᠯᠯᠠᠷ ᠤᠨ ᠪᠠᠷᠠᠭ᠎ᠠ ᠪᠦᠲᠦᠭᠡᠭ᠍ᠳᠡᠬᠦᠨ ᠢ ᠢᠮᠫᠣᠷᠲ᠋ᠯᠠᠵᠠᠢ᠃ ᠡᠨᠡ ᠨᠢ ᠠᠮᠧᠷᠢᠺᠠ ᠢᠢᠨ ᠨᠢᠭᠡᠳᠦᠭᠰᠡᠨ ᠤᠯᠤᠰ ᠤᠨ ᠢᠮᠫᠣᠷᠲ᠂ ᠮᠣᠩ᠍ᠭᠣᠯ ᠤᠯᠤᠰ ᠤᠨ ᠡᠺᠰᠫᠣᠷᠲ ᠢ ᠨᠡᠮᠡᠭᠳᠡᠭᠦᠯᠬᠦ ᠥᠷᠭᠡᠨ ᠪᠣᠯᠤᠮᠵᠢ ᠪᠠᠢᠢᠭ᠎ᠠ ᠢᠢ ᠬᠠᠷᠠᠭᠤᠯᠵᠤ ᠪᠠᠢᠢᠨ᠎ᠠ᠃

ᠮᠣᠩ᠍ᠭᠣᠯ ᠤᠯᠤᠰ 2003 ᠣᠨ ᠠᠴᠠ ᠬᠣᠢᠢᠰᠢ ᠢᠷᠠᠺ᠂ ᠠᠹᠬᠠᠨᠨᠢᠰᠲᠠᠨ ᠳ᠋ᠠᠬᠢ ᠠᠮᠧᠷᠢᠺᠠ ᠢᠢᠨ ᠨᠢᠭᠡᠳᠦᠭᠰᠡᠨ ᠤᠯᠤᠰ ᠤᠨ ᠬᠦᠴᠦᠨ ᠴᠢᠷᠮᠠᠢᠢᠯᠲᠠ ᠢᠢ ᠳᠡᠮᠵᠢᠵᠦ ᠢᠷᠡᠭᠰᠡᠨ ᠶᠤᠮ᠃ ᠡᠨᠡ ᠨᠢ ᠪᠢᠳᠡᠨ ᠦ ᠠᠷᠠᠳᠴᠢᠯᠠᠯ᠂ ᠬᠠᠤᠯᠢᠳᠤ ᠶᠣᠰᠣ᠂ ᠬᠦᠮᠦᠨ ᠦ ᠡᠷᠬᠡ᠂ ᠬᠦᠴᠦᠷᠬᠡᠭ᠌ ᠴᠢᠯᠦᠭᠡᠲᠦ ᠵᠠᠬ᠎ᠠ ᠵᠡᠭᠡᠯᠢ ᠢᠢᠨ ᠡᠳ᠋ ᠍ ᠦᠨ ᠵᠠᠰᠠᠭ ᠢ ᠬᠥᠭ᠍ᠵᠢᠭᠦᠯᠬᠦ ᠢᠢᠨ ᠲᠥᠯᠦᠭᠡᠬᠢ ᠲᠤᠤᠱᠲᠠᠢ ᠪᠠᠢᠢᠷᠢ ᠰᠠᠭᠤᠷᠢ ᠢᠢ ᠢᠯᠡᠳᠬᠡᠵᠦ ᠪᠠᠢᠢᠨ᠎ᠠ᠃

ᠢᠮᠠᠭᠠᠨ ᠤ ᠨᠣᠯᠣᠤᠷ ᠤᠨ ᠡᠺᠰᠫᠣᠷᠲ ᠮᠣᠩ᠍ᠭᠣᠯ ᠤᠯᠤᠰ ᠤᠨ ᠡᠳ᠋ ᠍ ᠦᠨ ᠵᠠᠰᠠᠭ ᠲᠤ ᠵᠠᠢᠢᠯᠠᠰᠢ ᠦᠭᠡᠢ ᠴᠢᠬᠤᠯᠠ ᠡᠭᠦᠷᠭᠡᠲᠡᠢ ᠪᠢᠯᠡ᠃ ᠮᠣᠩ᠍ᠭᠣᠯ ᠤᠯᠤᠰ ᠤᠨ ᠬᠦᠮᠦᠨ ᠠᠮᠠ ᠢᠢᠨ ᠭᠤᠷᠪᠠᠨ ᠤ ᠨᠢᠭᠡ ᠡᠴᠡ ᠢᠯᠡᠭᠦᠦ ᠬᠤᠪᠢ ᠨᠢ ᠮᠠᠯ ᠠᠵᠤ ᠠᠬᠤᠢ ᠢᠢᠨ ᠰᠠᠯᠪᠤᠷᠢ ᠳᠤ ᠠᠵᠢᠯᠯᠠᠵᠤ᠂ ᠣᠯᠠᠩᠬᠢ ᠨᠢ ᠨᠣᠯᠣᠤᠷ ᠠᠴᠠ ᠣᠷᠣᠯᠭ᠎ᠠ ᠪᠠᠨ ᠪᠦᠷᠢᠳᠦᠭᠦᠯᠵᠦ ᠪᠠᠢᠢᠨ᠎ᠠ᠃ ᠮᠣᠩ᠍ᠭᠣᠯ ᠤᠯᠤᠰ ᠤᠨ ᠡᠺᠰᠫᠣᠷᠲ ᠤᠨ ᠳᠡᠢᠢᠯᠦᠩᠬᠢ ᠢᠢ ᠠᠭᠤᠯᠠ ᠠᠭᠤᠷᠬᠠᠢ ᠢᠢᠨ ᠰᠠᠯᠪᠤᠷᠢ ᠪᠦᠷᠢᠳᠦᠭᠦᠯᠳᠡᠭ ᠪᠥᠭᠡᠳ ᠤᠳᠠᠭᠠᠬᠢ ᠨᠢ ᠬᠥᠳᠡᠭᠡ ᠠᠵᠤ ᠠᠬᠤᠢ ᠢᠢᠨ ᠰᠠᠯᠪᠤᠷᠢ ᠣᠷᠣᠳᠠᠭ᠃ ᠡᠭᠦᠨ ᠳᠣᠲᠣᠷ᠎ᠠ ᠪᠠᠨ ᠭᠣᠣᠯᠯᠠᠬᠤ ᠡᠺᠰᠫᠣᠷᠲ ᠨᠢ ᠨᠣᠯᠣᠤᠷ ᠪᠠᠢᠢᠳᠠᠭ᠃

2017 ᠣᠨ ᠳᠤ ᠮᠣᠩ᠍ᠭᠣᠯ ᠤᠯᠤᠰ ᠨᠡᠢᠢᠲᠡ 9᠂400 ᠲᠣᠨ᠎ ᠲᠡᠭᠦᠬᠡᠢ ᠨᠣᠯᠣᠤᠷ ᠪᠤᠶᠤ ᠳᠡᠯᠡᠬᠡᠢ ᠢᠢᠨ ᠵᠠᠬ᠎ᠠ ᠵᠡᠭᠡᠯᠢ ᠢᠢᠨ 50 ᠣᠷᠴᠢᠮ ᠬᠤᠪᠢ  ᠢᠢ ᠪᠡᠯᠡᠳᠬᠡᠭ᠍ᠰᠡᠨ ᠦ ᠶᠡᠷᠦ ᠋ᠳ᠋ᠡᠭᠡᠨ 1᠂100 ᠣᠷᠴᠢᠮ ᠲᠣᠨ᠎ ᠢ ᠳᠣᠲᠣᠭᠠᠳᠤ ᠳᠤ ᠪᠠᠨ ᠪᠣᠯᠪᠠᠰᠤᠷᠠᠭᠤᠯᠤᠨ ᠡᠴᠦᠰ ᠦᠨ ᠪᠦᠲᠦᠭᠡᠭ᠍ᠳᠡᠬᠦᠨ ᠬᠢᠵᠦ᠂ ᠦᠯᠡᠳᠡᠭᠰᠡᠨ 8᠂300 ᠲᠣᠨ᠎ ᠨᠣᠯᠣᠤᠷ ᠤᠨ ᠳᠡᠢᠢᠯᠦᠩᠬᠢ ᠢᠢ ᠨᠡᠮᠡᠭᠦᠦ ᠥᠷᠲᠡᠭ ᠰᠢᠩᠭᠡᠭᠡᠯ ᠦᠭᠡᠢ ᠪᠡᠷ ᠲᠡᠭᠦᠬᠡᠢ ᠪᠡᠷ ᠨᠢ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠷᠤᠭᠤ ᠡᠺᠰᠫᠣᠷᠲ᠋ᠯᠠᠭᠰᠠᠨ ᠪᠠᠢᠢᠨ᠎ᠠ᠃ ᠠᠮᠧᠷᠢᠺᠠ ᠢᠢᠨ ᠨᠢᠭᠡᠳᠦᠭᠰᠡᠨ ᠤᠯᠤᠰ ᠨᠣᠯᠣᠤᠷᠠᠨ ᠪᠦᠲᠦᠭᠡᠭ᠍᠍ᠳᠡᠬᠦᠨ ᠦ ᠪᠡᠨ ᠶᠡᠬᠡᠩᠬᠢ ᠢᠢ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠠᠴᠠ ᠬᠤᠳᠠᠯᠳᠤᠨ ᠠᠪᠳᠠᠭ᠃ ᠮᠣᠩ᠍ᠭᠣᠯ ᠳᠤ ᠦᠢᠯᠡᠳᠪᠦᠷᠢᠯᠡᠭᠰᠡᠨ ᠣᠶᠣᠮᠠᠯ᠂ ᠰᠦᠯᠵᠢᠮᠡᠯ ᠪᠦᠲᠦᠭᠡᠭᠳᠡᠬᠦᠨ ᠢ ᠠᠮᠧᠷᠢᠺᠠ ᠢᠢᠨ ᠨᠢᠭᠡᠳᠦᠭᠰᠡᠨ ᠤᠯᠤᠰ᠎ᠲᠦ ᠲᠠᠲᠠᠪᠤᠷᠢ ᠦᠭᠡᠢ ᠡᠺᠰᠫᠣᠷᠲ᠋ᠯᠠᠬᠤ ᠪᠣᠯᠤᠮᠵᠢ ᠢᠢ ᠣᠯᠭᠤᠭᠰᠠᠨ ᠢᠶᠠᠷ ᠬᠣᠶᠠᠷ ᠤᠯᠤᠰ ᠤᠨ ᠬᠤᠳᠠᠯᠳᠤᠭ᠎ᠠ ᠢᠢ ᠨᠡᠮᠡᠭᠳᠡᠭᠦᠯᠬᠦ᠂ ᠮᠣᠩ᠍ᠭᠣᠯ ᠤᠯᠤᠰ ᠤᠨ ᠡᠺᠰᠫᠣᠷᠲ ᠨᠢᠭᠡ ᠤᠯᠤᠰ᠂ ᠨᠢᠭᠡ ᠰᠠᠯᠪᠤᠷᠢ ᠢᠢᠨ ᠪᠦᠲᠦᠭᠡᠭ᠍ᠳᠡᠬᠦᠨ ᠡᠴᠡ ᠬᠠᠮᠢᠶᠠᠷᠬᠤ ᠬᠠᠮᠢᠶᠠᠷᠤᠯ ᠢ ᠪᠠᠭᠠᠰᠭᠠᠬᠤ ᠨᠥᠬᠥᠴᠡᠯ ᠪᠥᠷᠢᠳᠬᠦ ᠶᠤᠮ᠃ ᠢᠩᠭᠢᠭ᠍ᠰᠡᠨ ᠢᠶᠡᠷ ᠮᠣᠩ᠍ᠭᠣᠯ ᠤᠯᠤᠰ ᠤᠨ ᠬᠤᠪᠢ ᠳᠤ ᠡᠳ᠋ ᠍ ᠦᠨ ᠵᠠᠰᠠᠭ ᠲᠤ ᠠᠭᠤᠯᠠ ᠠᠭᠤᠷᠬᠠᠢ ᠢᠢᠨ ᠪᠤᠰᠤ ᠡᠺᠰᠫᠣᠷᠲ ᠢ ᠨᠡᠮᠡᠭᠳᠡᠭᠦᠯᠬᠦ ᠪᠣᠯᠤᠮᠵᠢ ᠢᠢ ᠪᠤᠢ ᠪᠣᠯᠭᠠᠵᠤ ᠲᠣᠭᠲᠠᠪᠤᠷᠢᠲᠠᠢ ᠥᠰᠦᠯᠲᠡ ᠢᠢ ᠬᠠᠩ᠍ᠭᠠᠬᠤ ᠶᠤᠮ᠃

ᠮᠣᠩ᠍ᠭᠣᠯ ᠤᠯᠤᠰ ᠤᠨ ᠣᠶᠣᠳᠠᠯ ᠤᠨ ᠪᠣᠯᠤᠨ ᠰᠦᠯᠵᠢᠮᠡᠯ ᠦᠨ ᠰᠠᠯᠪᠤᠷᠢ ᠢᠢ ᠬᠥᠭ᠍ᠵᠢᠭᠦᠯᠬᠦ ᠨᠢ ᠡᠮᠡᠭᠲᠡᠢᠢᠴᠦᠳ ᠦᠨ ᠠᠵᠢᠯ ᠡᠷᠬᠢᠯᠡᠯᠲᠡ᠂ ᠲᠡᠳᠡᠨ ᠢ ᠴᠢᠳᠠᠪᠬᠢᠵᠢᠭᠤᠯᠬᠤ ᠳᠤ ᠴᠢᠬᠤᠯᠠ ᠳᠡᠮᠵᠢᠯᠭᠡ ᠪᠣᠯᠬᠤ ᠶᠤᠮ᠃ ᠣᠶᠣᠳᠠᠯ ᠤᠨ ᠪᠣᠯᠤᠨ ᠰᠦᠯᠵᠢᠮᠡᠯ ᠦᠨ ᠰᠠᠯᠪᠤᠷᠢ ᠳᠤ ᠡᠮᠡᠭᠲᠡᠢᠢᠴᠦᠳ ᠦᠨ ᠣᠷᠣᠯᠴᠠᠭ᠎ᠠ ᠬᠡᠵᠢᠶᠡᠳᠡ ᠥᠨᠳᠥᠷ ᠪᠠᠢᠢᠵᠤ ᠢᠷᠡᠭᠰᠡᠨ ᠪᠥᠭᠡᠳ ᠲᠤᠰ ᠰᠠᠯᠪᠤᠷᠢ ᠨᠢ ᠮᠣᠩ᠍ᠭᠣᠯ ᠡᠮᠡᠭᠲᠡᠢᠢᠴᠦᠳ ᠢ ᠠᠶᠤᠯ ᠦᠭᠡᠢ᠂ ᠲᠣᠭᠲᠠᠪᠤᠷᠢᠲᠠᠢ ᠠᠵᠢᠯ ᠤᠨ ᠪᠠᠢᠢᠷᠢ ᠪᠠᠷ ᠬᠠᠩ᠍ᠭᠠᠭᠰᠠᠭᠠᠷ ᠢᠷᠡᠭᠰᠡᠨ ᠪᠢᠯᠡ᠃