Та "Internet explorer"-ийн сүүлийн хувилбар болох "Microsoft edge"-г ашиглана уу

Хэрэв "Microsoft edge"-г татах бол энд дарж татаж авна уу

ᠠᠷᠠᠪ ᠤᠨ ᠪᠦᠭᠦᠳᠡ ᠨᠠᠢᠢᠷᠠᠮᠳᠠᠬᠤ ᠶᠧᠭᠢᠫᠧᠲ᠋ ᠤᠯᠤᠰ ᠤᠨ ᠶᠡᠷᠦᠩᠬᠡᠢᠢᠯᠡᠭᠴᠢ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠠᠷᠠᠪ ᠤᠨ ᠪᠦᠭᠦᠳᠡ ᠨᠠᠢᠢᠷᠠᠮᠳᠠᠬᠤ ᠶᠧᠭᠢᠫᠧᠲ᠋ ᠤᠯᠤᠰ ᠤᠨ ᠶᠡᠷᠦᠩᠬᠡᠢᠢᠯᠡᠭᠴᠢ ᠠᠪᠳᠧᠯ ᠹᠠᠲ᠋ᠲ᠋ᠠᠾ ᠡᠯᠢ-ᠰᠢᠰᠢ ᠪᠠᠶᠠᠷ ᠨᠠᠭᠠᠳᠤᠮ ᠤᠨ ᠮᠡᠨᠳᠦᠴᠢᠯᠡᠭᠡ ᠳᠡᠪᠰᠢᠭᠦᠯᠦᠯ᠎ᠡ᠃

«ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠲᠠᠨ ᠳᠤ ᠪᠣᠯᠤᠨ ᠲᠠᠨ ᠤ ᠨᠠᠢᠢᠷᠰᠠᠭ ᠠᠷᠠᠳ ᠲᠦᠮᠡᠨ ᠳᠥ ᠴᠢᠩ ᠰᠡᠳᠬᠢᠯ ᠦᠨ ᠮᠡᠨᠳᠦᠴᠢᠯᠡᠭᠡ ᠳᠡᠪᠰᠢᠭᠦᠯᠦᠶ ᠡ᠃

ᠮᠢᠨᠦ ᠪᠡᠶ᠎ᠡ ᠨᠠᠢᠢᠷᠠᠮᠳᠠᠯᠲᠤ ᠬᠠᠷᠢᠯᠴᠠᠭ᠎ᠠ ᠪᠠᠨ ᠥᠨᠳᠦᠷ ᠦᠨᠡᠯᠡᠬᠦ ᠢᠢᠨ ᠵᠡᠷᠭᠡᠴᠡᠭᠡ᠂ ᠬᠠᠮᠲᠤ ᠢᠢᠨ ᠠᠵᠢᠯᠯᠠᠭ᠎ᠠ ᠢᠢ ᠬᠣᠶᠠᠷ ᠠᠷᠠᠳ ᠲᠦᠮᠡᠨ ᠦ ᠬᠠᠷᠢᠯᠴᠠᠨ ᠠᠰᠢᠭ ᠲᠤᠰᠠ᠂ ᠬᠠᠮᠲᠤ ᠢᠢᠨ ᠰᠣᠨᠢᠷᠬᠠᠯ ᠢ ᠪᠦᠬᠦᠢ ᠯᠠ ᠰᠠᠯᠪᠤᠷᠢ ᠳᠤ ᠭᠦᠨᠵᠡᠭᠡᠢᠢᠷᠡᠭᠦᠯᠦᠨ ᠬᠥᠭ᠍ᠵᠢᠭᠦᠯᠬᠦ ᠢᠢᠨ ᠲᠥᠯᠦᠭᠡ ᠪᠠᠢᠢᠨ᠎ᠠ» ᠭᠡᠵᠡᠶ᠃