Та "Internet explorer"-ийн сүүлийн хувилбар болох "Microsoft edge"-г ашиглана уу

Хэрэв "Microsoft edge"-г татах бол энд дарж татаж авна уу

ᠪᠧᠯᠠᠷᠦ᠋ᠰ ᠤᠨ ᠶᠡᠷᠦᠩᠬᠡᠢᠢᠯᠡᠭᠴᠢ ᠮᠡᠨᠳᠦᠴᠢᠯᠡᠭᠡ ᠢᠷᠡᠭᠦᠯᠦᠯ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠪᠦᠭᠦᠳᠡ ᠨᠠᠢᠢᠷᠠᠮᠳᠠᠬᠤ ᠪᠧᠯᠠᠷᠦ᠋ᠰ ᠤᠯᠤᠰ ᠤᠨ ᠶᠡᠷᠦᠩᠬᠡᠢᠢᠯᠡᠭᠴᠢ ᠠᠯᠧᠻᠰᠠᠨ᠋ᠳ᠋ᠷ ᠯᠦᠻᠠᠱᠧᠨ᠋ᠻᠣ ᠮᠡᠨᠳᠦᠴᠢᠯᠡᠭᠡ ᠢᠷᠡᠭᠦᠯᠦᠯ᠎ᠡ᠃

«ᠦᠨᠳᠦᠰᠦᠨ ᠦ ᠪᠠᠶᠠᠷ ᠨᠠᠭᠠᠳᠤᠮ ᠢ ᠲᠣᠬᠢᠶᠠᠯᠳᠤᠭᠤᠯᠤᠨ ᠲᠠᠨ ᠳᠤ ᠴᠢᠩ ᠰᠡᠳᠬᠢᠯ ᠦᠨ ᠮᠡᠨᠳᠦᠴᠢᠯᠡᠭᠡ ᠳᠡᠪᠰᠢᠭᠦᠯᠦᠶ ᠡ᠃ ᠡᠨᠡ ᠬᠦ ᠤᠯᠠᠮᠵᠢᠯᠠᠯᠲᠤ ᠪᠠᠶᠠᠷ ᠨᠢ ᠮᠣᠩ᠋ᠭᠤᠯ ᠤᠨ ᠰᠣᠶᠤᠯ ᠤᠨ ᠮᠥᠨ ᠴᠢᠨᠠᠷ ᠢ ᠢᠯᠡᠷᠬᠡᠢᠢᠯᠡᠵᠦ᠂ ᠲᠡᠦᠬᠡ ᠢᠢᠨ ᠥᠪ ᠰᠣᠶᠤᠯ ᠢᠶᠠᠨ ᠳᠡᠭᠡᠳᠦᠯᠡᠵᠦ ᠪᠤᠢ ᠦᠨᠳᠦᠰᠦᠲᠡᠨ ᠦ ᠬᠦᠴᠦ ᠴᠢᠳᠠᠯ᠂ ᠲᠡᠰᠪᠦᠷᠢ ᠬᠠᠲᠠᠭᠤᠵᠢᠯ ᠢ ᠢᠯᠡᠳᠬᠡᠨ ᠬᠠᠷᠠᠭᠤᠯᠳᠠᠭ ᠪᠢᠯᠡ᠃

ᠮᠠᠨ ᠤ ᠤᠯᠤᠰ ᠮᠣᠩ᠋ᠭᠤᠯ ᠤᠯᠤᠰ ᠲᠠᠢ ᠥᠷᠭᠡᠨ ᠬᠦᠷᠢᠶᠡᠨ ᠳᠥ ᠬᠠᠷᠢᠯᠴᠠᠨ ᠠᠰᠢᠭᠲᠠᠢ ᠬᠠᠮᠲᠤ ᠢᠢᠨ ᠠᠵᠢᠯᠯᠠᠭ᠎ᠠ ᠢᠢ ᠤᠯᠠᠮ ᠬᠥᠭ᠍ᠵᠢᠭᠦᠯᠵᠦ᠂ ᠠᠷᠠᠳ ᠲᠦᠮᠡᠨ ᠬᠣᠭᠤᠷᠤᠨᠳᠤ ᠢᠢᠨ ᠨᠠᠢᠢᠷᠰᠠᠭ ᠬᠠᠷᠢᠯᠴᠠᠭ᠎ᠠ ᠢᠢ ᠪᠡᠬᠢᠵᠢᠭᠦᠯᠬᠦ ᠢᠢ ᠵᠣᠷᠢᠵᠤ ᠪᠠᠢᠢᠭ᠎ᠠ ᠢᠢ ᠪᠠᠲᠤᠯᠠᠵᠤ ᠪᠠᠢᠢᠨ᠎ᠠ᠃

ᠮᠥᠩᠬᠡ ᠬᠥᠬᠡ ᠲᠩᠷᠢ ᠢᠢᠨ ᠣᠷᠤᠨ᠂ ᠲᠠᠨ ᠤ ᠦᠵᠡᠰᠬᠦᠯᠡᠩᠲᠦ ᠤᠯᠤᠰ ᠲᠤ ᠵᠣᠴᠢᠯᠠᠭᠰᠠᠨ ᠢᠢᠠᠨ ᠬᠠᠯᠠᠭᠤᠨ ᠳᠣᠲᠤᠨᠤ ᠪᠠᠷ ᠡᠷᠭᠢᠨ ᠰᠠᠨᠠᠵᠤ᠂ ᠲᠠᠨ ᠢ ᠲᠠᠭᠠᠯᠠᠮᠵᠢᠲᠠᠢ ᠴᠠᠭ ᠲᠤ ᠪᠠᠨ ᠪᠧᠯᠠᠷᠦ᠋ᠰ ᠤᠯᠤᠰ ᠲᠤ ᠠᠢᠢᠯᠴᠢᠯᠠᠬᠤ ᠤᠷᠢᠯᠭ᠎ᠠ ᠪᠠᠨ ᠳᠠᠬᠢᠨ ᠨᠤᠲᠠᠯᠠᠵᠤ ᠪᠠᠢᠢᠨ᠎ᠠ᠃

ᠡᠷᠬᠢᠮᠰᠦᠭ ᠨᠣᠶᠠᠨ ᠲᠠᠨ ᠳᠤ ᠪᠣᠯᠤᠨ ᠮᠣᠩ᠋ᠭᠤᠯ ᠤᠨ ᠠᠷᠠᠳ ᠲᠦᠮᠡᠨ ᠳᠥ ᠡᠩᠬᠡ ᠲᠠᠢᠢᠪᠤᠩ᠂ ᠰᠠᠢᠢᠨ ᠰᠠᠢᠢᠬᠠᠨ ᠢ ᠬᠦᠰᠡᠨ ᠢᠷᠦᠭᠡᠶ ᠡ» ᠭᠡᠵᠡᠶ᠃