ᠪᠦᠭᠦᠳᠡ ᠨᠠᠢᠢᠷᠠᠮᠳᠠᠬᠤ ᠻᠢᠷᠭᠢᠽ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠠᠢᠢᠭ᠎ᠠ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢ ᠶᠡᠷᠦᠩᠬᠡᠢᠢᠯᠡᠭᠴᠢ ᠰᠠᠳᠢᠷ ᠵᠠᠫᠠᠷᠣᠸ «ᠢᠨᠲ᠋ᠢᠮᠠᠻ ᠣᠷᠳᠣ᠋» ᠲᠥᠷᠦ ᠢᠢᠨ ᠣᠷᠳᠤᠨ ᠳᠤ ᠠᠯᠪᠠᠨ ᠶᠣᠰᠤ ᠪᠠᠷ ᠤᠭᠲᠤᠨ ᠠᠪᠤᠯ᠎ᠠ᠃
ᠤᠭᠲᠤᠬᠤ ᠶᠣᠰᠤᠯᠠᠯ ᠤᠨ ᠦᠶ᠎ᠡ ᠪᠡᠷ ᠲᠥᠷᠦ ᠢᠢᠨ ᠣᠷᠳᠤᠨ ᠤ ᠤᠷᠳᠤ ᠲᠠᠯᠠᠪᠠᠢ ᠳᠤ ᠬᠣᠶᠠᠷ ᠤᠯᠤᠰ ᠤᠨ ᠲᠥᠷᠦ ᠢᠢᠨ ᠳᠠᠯᠪᠠᠭ᠎ᠠ ᠢᠢ ᠮᠠᠨᠳᠤᠭᠤᠯᠵᠤ᠂ ᠲᠥᠷᠦ ᠢᠢᠨ ᠬᠦᠨᠳᠦᠲᠦ ᠬᠠᠷᠠᠭᠤᠯ ᠤᠨ ᠵᠠᠬᠢᠷᠤᠭᠴᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠳᠥ ᠠᠢᠢᠯᠠᠳᠬᠠᠯ ᠡᠷᠭᠦᠵᠦ᠂ ᠬᠣᠶᠠᠷ ᠤᠯᠤᠰ ᠤᠨ ᠲᠥᠷᠦ ᠢᠢᠨ ᠳᠠᠭᠤᠯᠠᠯ ᠡᠭᠡᠰᠢᠭᠯᠡᠪᠡ᠃




ᠲᠥᠷᠦ ᠢᠢᠨ ᠲᠡᠷᠢᠭᠦᠨ ᠨᠠᠷ ᠠᠯᠪᠠᠨ ᠶᠣᠰᠤᠨ ᠤ ᠬᠡᠯᠡᠯᠴᠡᠭᠡ ᠬᠢᠭ᠍ᠰᠡᠨ ᠦ ᠳᠠᠷᠠᠭ᠎ᠠ ᠲᠠᠯ᠎ᠠ ᠨᠤᠭᠤᠳ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠲᠡᠢ ᠬᠣᠯᠪᠤᠭ᠎ᠠ ᠲᠠᠢ ᠵᠠᠰᠠᠭ ᠤᠨ ᠭᠠᠵᠠᠷ ᠪᠣᠯᠤᠨ ᠪᠠᠢᠢᠭᠤᠯᠤᠯᠭ᠎ᠠ ᠬᠣᠭᠤᠷᠤᠨᠳᠤ ᠢᠢᠨ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠨ᠎ᠠ᠃

«ᠢᠨᠲ᠋ᠢᠮᠠᠻ ᠣᠷᠳᠣ᠋» ᠲᠥᠷᠦ ᠢᠢᠨ ᠣᠷᠳᠤᠨ ᠥᠩ᠋ᠭᠡᠷᠡᠭᠰᠡᠨ ᠣᠨ ᠳᠤ ᠠᠰᠢᠭᠯᠠᠯᠲᠠ ᠳᠤ ᠣᠷᠤᠭᠰᠠᠨ᠃ ᠻᠢᠷᠭᠢᠽ ᠦᠨ ᠤᠯᠠᠮᠵᠢᠯᠠᠯᠲᠤ ᠰᠣᠶᠤᠯ ᠤᠨ ᠬᠡᠪ ᠮᠠᠶᠢᠭ᠂ ᠣᠷᠴᠢᠨ ᠦᠶ᠎ᠡ ᠢᠢᠨ ᠠᠷᠬᠢᠲ᠋ᠧᠻᠲ᠋ᠦ᠋ᠷ ᠢ ᠬᠤᠤᠰᠯᠠᠭᠤᠯᠤᠭᠰᠠᠨ ᠪᠥᠭᠡᠳ ᠲᠤᠰ ᠤᠯᠤᠰ ᠤᠨ ᠰᠣᠶᠤᠯ ᠤᠨ ᠪᠠᠶᠠᠯᠢᠭ ᠥᠪ᠂ ᠣᠷᠴᠢᠨ ᠦᠶ᠎ᠡ ᠢᠢᠨ ᠬᠥᠭ᠍ᠵᠢᠯ ᠳᠡᠪᠰᠢᠯ ᠦᠨ ᠲᠥᠯᠦᠭᠡ ᠲᠤᠭᠤᠰᠢᠲᠠᠢ ᠠᠵᠢᠯᠯᠠᠬᠤ ᠢᠢ ᠪᠡᠯᠭᠡᠳᠡᠳᠡᠭ ᠶᠤᠮ ᠪᠠᠢᠢᠨ᠎ᠠ᠃
ᠮᠣᠩ᠋ᠭᠤᠯ ᠤᠯᠤᠰ᠂ ᠻᠢᠷᠭᠢᠽ ᠤᠯᠤᠰ 1992 ᠣᠨ ᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ᠃ ᠻᠢᠷᠭᠢᠽ ᠨᠢ 7 ᠰᠠᠶ᠎ᠠ ᠬᠦᠮᠦᠨ ᠠᠮᠠ ᠲᠠᠢ᠂ ᠶᠡᠷᠦᠩᠬᠡᠢᠢᠯᠡᠭᠴᠢ ᠢᠢᠨ ᠵᠠᠰᠠᠭᠯᠠᠯ ᠲᠠᠢ᠃ ᠶᠡᠷᠦᠩᠬᠡᠢᠢᠯᠡᠭᠴᠢ ᠨᠢ ᠪᠦᠬᠦ ᠠᠷᠠᠳ ᠲᠦᠮᠡᠨ ᠦ ᠰᠠᠨᠠᠯ ᠬᠤᠷᠢᠶᠠᠯᠲᠠ ᠪᠠᠷ ᠵᠢᠷᠭᠤᠭᠠᠨ ᠵᠢᠯ ᠦᠨ ᠬᠤᠭᠤᠴᠠᠭ᠎ᠠ ᠪᠠᠷ ᠨᠢᠭᠡ ᠤᠳᠠᠭ᠎ᠠ ᠰᠣᠩ᠋ᠭᠤᠭᠳᠠᠳᠠᠭ ᠪᠥᠭᠡᠳ ᠶᠡᠷᠦᠩᠬᠡᠢᠢᠯᠡᠭᠴᠢ ᠰᠠ᠊· ᠵᠠᠫᠠᠷᠣᠸ 2021 ᠣᠨ ᠤ ᠡᠭᠡᠯᠵᠢᠲᠦ ᠪᠤᠰᠤ ᠰᠣᠩ᠋ᠭᠤᠭᠤᠯᠢ ᠠᠴᠠ ᠬᠣᠢᠢᠰᠢ ᠠᠯᠪᠠ ᠬᠠᠰᠢᠵᠤ ᠪᠠᠢᠢᠨ᠎ᠠ᠃
ᠻᠢᠷᠭᠢᠽ ᠦᠨ ᠡᠳ᠋ ᠦᠨ ᠵᠠᠰᠠᠭ ᠲᠤ ᠬᠥᠳᠡᠭᠡ ᠠᠵᠤ ᠠᠬᠤᠶ᠂ ᠠᠭᠤᠯᠠ ᠠᠭᠤᠷᠬᠠᠶ᠂ ᠬᠥᠩ᠋ᠭᠡᠨ ᠪᠣᠯᠤᠨ ᠬᠦᠨᠡᠰᠦᠨ ᠦ ᠦᠢᠯᠡᠳᠪᠦᠷᠢᠯᠡᠯ᠂ ᠡᠷᠴᠢᠮ ᠬᠦᠴᠦ᠂ ᠨᠡᠬᠡᠮᠡᠯ ᠭᠣᠣᠯᠯᠠᠳᠠᠭ᠃ ᠭᠠᠳᠠᠭᠠᠳᠤ ᠬᠤᠳᠠᠯᠳᠤᠭᠠᠨ ᠤ ᠬᠡᠮᠵᠢᠶ᠎ᠡ ᠨᠢ 16 ᠲᠡᠷᠪᠤᠮ ᠠᠮ᠊·ᠳ᠋ᠣᠯᠯᠠᠷ᠃
ᠠᠯᠲᠠ ᠪᠣᠯᠤᠨ ᠬᠥᠳᠡᠭᠡ ᠠᠵᠤ ᠠᠬᠤᠶ ᠢᠢᠨ ᠲᠡᠭᠦᠬᠡᠶ ᠡᠳ᠋᠂ ᠲᠡᠮᠦᠷ᠂ ᠰᠢᠯᠢ᠂ ᠨᠡᠭᠦᠷᠡᠰᠦ᠂ ᠼᠧᠮᠧᠨ᠋ᠲ ᠭᠣᠣᠯᠯᠠᠨ ᠭᠠᠷᠭᠠᠵᠤ᠂ ᠰᠠᠭᠤᠳᠠᠯ ᠤᠨ ᠠᠦ᠋ᠲ᠋ᠣᠮᠠᠱᠢᠨ᠂ ᠭᠠᠵᠠᠷ ᠤᠨ ᠲᠣᠰᠤ᠂ ᠪᠠᠢᠢᠭᠠᠯᠢ ᠢᠢᠨ ᠬᠡᠶ᠂ ᠲᠣᠨᠤᠭ ᠲᠥᠬᠦᠭᠡᠷᠦᠮᠵᠢ᠂ ᠬᠢᠮᠢ ᠢᠢᠨ ᠪᠦᠲᠦᠭᠡᠭ᠍ᠳᠡᠬᠦᠨ ᠢᠮᠫᠣᠷᠲ ᠢᠶᠠᠷ ᠠᠪᠳᠠᠭ ᠶᠤᠮ ᠪᠠᠢᠢᠨ᠎ᠠ᠃
