ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠻᠢᠷᠭᠢᠽ ᠤᠯᠤᠰ ᠲᠤ ᠬᠢᠵᠦ ᠪᠠᠢᠢᠭ᠎ᠠ ᠲᠥᠷᠦ ᠢᠢᠨ ᠠᠢᠢᠯᠴᠢᠯᠠᠯ ᠦᠷᠭᠦᠯᠵᠢᠯᠡᠵᠦ ᠪᠠᠢᠢᠨ᠎ᠠ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠶᠡᠷᠦᠩᠬᠡᠢᠢᠯᠡᠭᠴᠢ ᠰᠠ᠊·ᠵᠠᠫᠠᠷᠣᠸ ᠨᠠᠷ «ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠬᠣᠭᠤᠷᠤᠨᠳᠤ ᠢᠵᠢ ᠪᠦᠷᠢᠨ ᠲᠦᠩᠰᠢᠯᠡᠯ ᠦᠨ ᠬᠠᠷᠢᠯᠴᠠᠭ᠎ᠠ ᠲᠣᠭᠲᠠᠭᠠᠬᠤ ᠲᠤᠬᠠᠶ ᠬᠠᠮᠲᠤᠷᠠᠭᠰᠠᠨ ᠲᠤᠩᠬᠠᠭᠯᠠᠯ» ᠳ᠋ᠤ ᠭᠠᠷ ᠤᠨ ᠦᠰᠦᠭ ᠵᠢᠷᠤᠯ᠎ᠠ᠃
ᠢᠩ᠋ᠭᠢᠭ᠍ᠰᠡᠨ ᠢᠶᠡᠷ ᠪᠦᠭᠦᠳᠡ ᠨᠠᠢᠢᠷᠠᠮᠳᠠᠬᠤ ᠻᠢᠷᠭᠢᠽ ᠤᠯᠤᠰ ᠨᠢ ᠮᠠᠨ ᠤ ᠤᠯᠤᠰ ᠲᠠᠢ «ᠢᠵᠢ ᠪᠦᠷᠢᠨ ᠲᠦᠩᠰᠢᠯᠡᠯ» ᠤᠨ ᠬᠠᠷᠢᠯᠴᠠᠭ᠎ᠠ ᠲᠣᠭᠲᠠᠭᠠᠭᠰᠠᠨ ᠲᠥᠪ ᠠᠽᠢ ᠢᠢᠨ ᠬᠣᠶᠠᠷ ᠳ᠋ᠠᠬᠢ ᠤᠯᠤᠰ ᠪᠣᠯᠵᠤ ᠪᠠᠢᠢᠨ᠎ᠠ᠃
ᠮᠠᠨ ᠤ ᠤᠯᠤᠰ ᠥᠩ᠋ᠭᠡᠷᠡᠭᠰᠡᠨ ᠣᠨ ᠳᠤ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠲᠠᠢ ᠰᠲ᠋ᠷᠠᠲ᠋ᠧᠭᠢ ᠢᠢᠨ᠂ ᠡᠨᠡ ᠣᠨ ᠤ ᠡᠬᠢ ᠪᠡᠷ ᠪᠦᠭᠦᠳᠡ ᠨᠠᠢᠢᠷᠠᠮᠳᠠᠬᠤ ᠦᠽᠪᠧᠻᠰᠲ᠋ᠠᠨ ᠤᠯᠤᠰ ᠲᠠᠢ «ᠢᠵᠢ ᠪᠦᠷᠢᠨ ᠲᠦᠩᠰᠢᠯᠡᠯ» ᠤᠨ ᠬᠠᠷᠢᠯᠴᠠᠭ᠎ᠠ ᠲᠣᠭᠲᠠᠭᠠᠭᠰᠠᠨ ᠶᠤᠮ᠃
ᠮᠣᠩ᠋ᠭᠤᠯ᠂ ᠻᠢᠷᠭᠢᠽ ᠤᠯᠤᠰ ᠬᠠᠷᠢᠯᠴᠠᠭ᠎ᠠ ᠪᠠᠨ ᠤᠯᠤᠰ ᠲᠥᠷᠦ᠂ ᠬᠤᠳᠠᠯᠳᠤᠭ᠎ᠠ᠂ ᠡᠳ᠋ ᠦᠨ ᠵᠠᠰᠠᠭ᠂ ᠬᠥᠳᠡᠭᠡ ᠠᠵᠤ ᠠᠬᠤᠶ᠂ ᠰᠣᠶᠤᠯ᠂ ᠪᠣᠯᠪᠠᠰᠤᠷᠠᠯ᠂ ᠬᠦᠮᠦᠨᠯᠢᠭ ᠦᠨ ᠪᠣᠯᠤᠨ ᠪᠤᠰᠤᠳ ᠰᠠᠯᠪᠤᠷᠢ ᠳᠤ ᠭᠦᠨᠵᠡᠭᠡᠢᠢᠷᠡᠭᠦᠯᠵᠦ᠂ ᠴᠢᠨᠠᠭᠰᠢᠳᠠ ᠰᠢᠨ᠎ᠡ ᠠᠭᠤᠯᠭ᠎ᠠ ᠪᠠᠷ ᠪᠠᠶᠠᠵᠢᠭᠤᠯᠤᠨ᠂ ᠬᠠᠷᠢᠯᠴᠠᠨ ᠠᠰᠢᠭᠲᠠᠢ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠵᠦ᠂ ᠲᠥᠷᠦ᠂ ᠵᠠᠰᠠᠭ᠂ ᠰᠢᠨᠵᠢᠯᠡᠬᠦ ᠤᠬᠠᠭᠠᠨ᠂ ᠪᠣᠯᠪᠠᠰᠤᠷᠠᠯ ᠤᠨ ᠪᠠᠢᠢᠭᠤᠯᠤᠯᠭ᠎ᠠ᠂ ᠰᠢᠨᠵᠢᠭᠡᠴᠢᠳ ᠦᠨ ᠪᠣᠯᠤᠨ ᠬᠤᠪᠢ ᠢᠢᠨ ᠬᠡᠪᠰᠢᠯ ᠬᠣᠭᠤᠷᠤᠨᠳᠤ ᠢᠢᠨ ᠬᠠᠮᠲᠤ ᠢᠢᠨ ᠠᠵᠢᠯᠯᠠᠭ᠎ᠠ ᠢᠢ ᠲᠤᠭᠤᠰᠢ ᠲᠠᠢ ᠬᠥᠭ᠍ᠵᠢᠭᠦᠯᠦᠨ᠎ᠡ᠃
1. «ᠭᠡᠮᠲᠦ ᠡᠲᠡᠭᠡᠳ ᠰᠢᠯᠵᠢᠭᠦᠯᠬᠦ ᠲᠤᠬᠠᠶ ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠬᠣᠭᠤᠷᠤᠨᠳᠤ ᠢᠢᠨ ᠭᠡᠷ᠎ᠡ» ᠳᠥ ᠮᠣᠩ᠋ᠭᠤᠯ ᠤᠯᠤᠰ ᠤᠨ ᠬᠠᠤᠯᠢ ᠵᠦᠢ᠂ ᠳᠣᠲᠤᠭᠠᠳᠤ ᠬᠡᠷᠡᠭ ᠦᠨ ᠰᠠᠢᠢᠳ ᡀᠠᠭᠪᠠ ᠢᠢᠨ ᠮᠥᠩᠬᠡᠪᠠᠭᠠᠲᠤᠷ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠶᠡᠷᠦᠩᠬᠡᠶ ᠫᠷᠣᠻᠦ᠋ᠷᠤᠷ ᠠᠰᠠᠨᠠᠯᠢᠧᠸ ᠮᠠᠻᠰᠠᠲ᠋ ᠻᠦᠪᠠᠲ᠋ᠣᠸᠢᠴ᠂

ᠢᠷᠭᠡᠳ ᠦᠨ ᠡᠷᠬᠡ ᠠᠰᠢᠭ ᠢ ᠬᠠᠮᠠᠭᠠᠯᠠᠬᠤ᠂ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠢᠯᠡᠬᠦ᠂ ᠲᠠᠰᠤᠯᠤᠨ ᠵᠣᠭᠰᠤᠭᠠᠬᠤ ᠪᠣᠯᠤᠨ ᠮᠥᠷᠳᠡᠨ ᠰᠢᠯᠭᠠᠬᠤ ᠠᠵᠢᠯᠯᠠᠭᠠᠨ ᠤ ᠬᠦᠷᠢᠶᠡᠨ ᠳᠥ ᠬᠠᠮᠲᠤᠷᠠᠨ ᠠᠵᠢᠯᠯᠠᠵᠤ᠂ ᠬᠠᠷᠢᠯᠴᠠᠨ ᠲᠤᠰᠠᠯᠠᠨ᠎ᠠ᠃ ᠬᠠᠤᠯᠢ ᠬᠢᠨᠠᠯᠲᠠ ᠢᠢᠨ ᠡᠷᠬᠡ ᠪᠦᠬᠦᠢ ᠪᠠᠢᠢᠭᠤᠯᠤᠯᠭ᠎ᠠ ᠨᠤᠭᠤᠳ ᠭᠡᠮᠲᠦ ᠡᠲᠡᠭᠡᠳ ᠢ ᠣᠯᠵᠤ ᠲᠣᠭᠲᠠᠭᠠᠬᠤ᠂ ᠰᠢᠯᠵᠢᠭᠦᠯᠦᠨ ᠥᠭ᠍ᠬᠦ᠂ ᠡᠷᠡᠭᠦᠦ ᠢᠢᠨ ᠬᠠᠷᠢᠭᠤᠴᠠᠯᠭ᠎ᠠ ᠬᠦᠯᠢᠶᠡᠯᠭᠡᠬᠦ ᠴᠢᠭᠯᠡᠯ ᠢᠶᠡᠷ ᠰᠢᠭᠤᠳ ᠬᠠᠷᠢᠯᠴᠠᠵᠤ᠂ ᠰᠢᠭᠤᠷᠬᠠᠶ ᠠᠷᠭ᠎ᠠ ᠬᠡᠮᠵᠢᠶ᠎ᠡ ᠠᠪᠴᠤ ᠬᠠᠮᠲᠤᠷᠠᠨ ᠠᠵᠢᠯᠯᠠᠨ᠎ᠠ᠃
2. «ᠵᠢᠯᠤᠭᠤᠳᠬᠤ ᠡᠷᠬᠡ ᠢᠢᠨ ᠦᠨᠡᠮᠯᠡᠬᠦ ᠢᠢ ᠬᠠᠷᠢᠯᠴᠠᠨ ᠬᠦᠯᠢᠶᠡᠨ ᠵᠥᠪᠰᠢᠶᠡᠷᠡᠬᠦ᠂ ᠰᠣᠯᠢᠯᠴᠠᠬᠤ ᠲᠤᠬᠠᠶ ᠮᠣᠩ᠋ᠭᠤᠯ ᠤᠯᠤᠰ ᠤᠨ ᠵᠠᠰᠠᠭ ᠤᠨ ᠭᠠᠵᠠᠷ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠠᠢᠢᠳ ᠨᠠᠷ ᠤᠨ ᠲᠠᠩᠬᠢᠮ ᠬᠣᠭᠤᠷᠤᠨᠳᠤ ᠢᠢᠨ ᠬᠡᠯᠡᠯᠴᠡᠭᠡᠷ» ᠲ᠋ᠥ ᠮᠣᠩ᠋ᠭᠤᠯ ᠤᠯᠤᠰ ᠤᠨ ᠬᠠᠤᠯᠢ ᠵᠦᠢ᠂ ᠳᠣᠲᠤᠭᠠᠳᠤ ᠬᠡᠷᠡᠭ ᠦᠨ ᠰᠠᠢᠢᠳ ᡀᠠᠭᠪᠠ ᠢᠢᠨ ᠮᠥᠩᠬᠡᠪᠠᠭᠠᠲᠤᠷ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠠᠢᠢᠳ ᠨᠠᠷ ᠤᠨ ᠲᠠᠩᠬᠢᠮ ᠤᠨ ᠳᠡᠷᠭᠡᠳᠡᠬᠢ ᠲᠡᠭᠡᠭᠡᠪᠦᠷᠢ ᠢᠢᠨ ᠬᠡᠷᠡᠭᠰᠡᠯ᠂ ᠵᠢᠯᠤᠭᠤᠴᠢ ᠨᠠᠷ ᠤᠨ ᠪᠦᠷᠢᠳᠬᠡᠯ ᠦᠨ ᠤᠯᠤᠰ ᠤᠨ ᠠᠭᠧᠨ᠋ᠲ᠋ᠯᠢᠭ ᠤᠨ ᠵᠠᠬᠢᠷᠤᠯ ᠻᠠᠷᠢᠫᠪᠧᠻᠣᠸ ᠦᠯᠠᠨ ᠻᠠᠳᠢᠷᠰᠦ᠋ᠯᠲ᠋ᠠᠨᠣᠸᠢᠴ᠂

ᠨᠢᠭᠡ ᠵᠢᠯ ᠡᠴᠡ ᠳᠡᠭᠡᠭ᠍ᠰᠢ ᠬᠤᠭᠤᠴᠠᠭ᠎ᠠ ᠪᠠᠷ ᠣᠷᠤᠰᠢᠨ ᠰᠠᠭᠤᠵᠤ᠂ ᠠᠵᠢᠯᠯᠠᠵᠤ ᠠᠮᠢᠳᠤᠷᠠᠵᠤ ᠪᠠᠢᠢᠭ᠎ᠠ ᠢᠷᠭᠡᠳ ᠥᠪᠡᠷ ᠦᠨ ᠤᠯᠤᠰ ᠤᠨ ᠬᠦᠴᠦᠨ ᠲᠡᠭᠦᠯᠳᠡᠷ ᠵᠢᠯᠤᠭᠤᠳᠬᠤ ᠡᠷᠬᠡ ᠢᠢᠨ ᠦᠨᠡᠮᠯᠡᠬᠦ ᠢᠢ ᠨᠥᠭᠦᠭᠡ ᠤᠯᠤᠰ ᠤᠨ ᠵᠢᠯᠤᠭᠤᠳᠬᠤ ᠡᠷᠬᠡ ᠢᠢᠨ ᠦᠨᠡᠮᠯᠡᠬᠦ ᠪᠡᠷ ᠰᠣᠯᠢᠬᠤ ᠪᠣᠯᠤᠮᠵᠢ ᠪᠦᠷᠢᠳᠦᠯ᠎ᠡ᠃ ᠮᠠᠨ ᠤ ᠤᠯᠤᠰ ᠡᠮᠦᠨ᠎ᠡ ᠨᠢ ᠴᠧᠬᠣ᠋᠂ ᠪᠧᠯᠭᠢ᠂ ᠯᠶᠦ᠋ᠻᠰᠧᠮᠪᠦ᠋ᠷᠭ᠌᠂ ᠪᠧᠯᠠᠷᠦ᠋ᠰ ᠤᠯᠤᠰ ᠲᠠᠢ ᠡᠢᠢᠮᠦ ᠬᠡᠯᠡᠯᠴᠡᠭᠡᠷ ᠪᠠᠢᠢᠭᠤᠯᠤᠭᠰᠠᠨ ᠪᠥᠭᠡᠳ ᠴᠢᠨᠠᠭᠰᠢᠳᠠ ᠸᠢᠶᠧᠨᠠ ᠢᠢᠨ ᠻᠣᠨ᠋ᠸᠧᠨ᠋ᠼᠢ ᠢᠢᠨ ᠭᠡᠰᠢᠭᠦᠨ ᠪᠤᠰᠤᠳ ᠤᠯᠤᠰ ᠣᠷᠤᠨ ᠲᠠᠢ ᠪᠠᠢᠢᠭᠤᠯᠬᠤ ᠪᠠᠷ ᠠᠵᠢᠯᠯᠠᠵᠤ ᠪᠠᠢᠢᠨ᠎ᠠ᠃
3. «ᠮᠣᠩ᠋ᠭᠤᠯ ᠤᠯᠤᠰ ᠤᠨ ᠭᠠᠳᠠᠭᠠᠳᠤ ᠬᠠᠷᠢᠯᠴᠠᠭᠠᠨ ᠤ ᠶᠠᠮᠤᠨ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠭᠠᠳᠠᠭᠠᠳᠤ ᠬᠡᠷᠡᠭ ᠦᠨ ᠶᠠᠮᠤᠨ ᠬᠣᠭᠤᠷᠤᠨᠳᠤ ᠢᠢᠨ ᠬᠠᠮᠲᠤ ᠢᠢᠨ ᠠᠵᠢᠯᠯᠠᠭᠠᠨ ᠤ ᠬᠥᠲᠦᠯᠪᠦᠷᠢ» ᠳᠥ ᠮᠣᠩ᠋ᠭᠤᠯ ᠤᠯᠤᠰ ᠤᠨ ᠭᠠᠳᠠᠭᠠᠳᠤ ᠬᠠᠷᠢᠯᠴᠠᠭᠠᠨ ᠤ ᠰᠠᠢᠢᠳ ᠪᠠᠲᠤᠮᠥ᠋ᠩᠬᠡ ᠢᠢᠨ ᠪᠠᠲᠤᠴᠡᠴᠡᠭ᠌᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠭᠠᠳᠠᠭᠠᠳᠤ ᠬᠡᠷᠡᠭ ᠦᠨ ᠰᠠᠢᠢᠳ ᠻᠦᠯᠦ᠋ᠪᠠᠶᠧᠸ ᠵᠧᠧᠨ᠋ᠪᠧᠻ ᠮᠣᠯᠳᠣᠻᠠᠨᠣᠸᠢᠴ᠂

ᠭᠠᠳᠠᠭᠠᠳᠤ ᠬᠠᠷᠢᠯᠴᠠᠭᠠᠨ ᠤ ᠶᠠᠮᠤᠨ ᠬᠣᠭᠤᠷᠤᠨᠳᠤ ᠢᠢᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ᠂ ᠵᠥᠪᠯᠡᠯᠳᠦᠬᠦ ᠠᠭᠤᠯᠵᠠᠯᠲᠠ ᠢᠢ ᠲᠣᠭᠲᠠᠮᠠᠯ ᠵᠣᠬᠢᠶᠠᠨ ᠪᠠᠢᠢᠭᠤᠯᠬᠤ᠂ ᠬᠠᠷᠢᠯᠴᠠᠨ ᠮᠡᠳᠡᠭᠡᠯᠡᠯ᠂ ᠲᠤᠷᠰᠢᠯᠭ᠎ᠠ ᠰᠣᠯᠢᠯᠴᠠᠬᠤ᠂ ᠪᠤᠰᠤᠳ ᠰᠠᠯᠪᠤᠷᠢ ᠢᠢᠨ ᠶᠠᠮᠤᠳ᠂ ᠪᠠᠢᠢᠭᠤᠯᠤᠯᠭ᠎ᠠ ᠬᠣᠭᠤᠷᠤᠨᠳᠤ ᠢᠢᠨ ᠤᠶᠠᠯᠳᠤᠭ᠎ᠠ ᠬᠣᠯᠪᠤᠭ᠎ᠠ ᠢᠢ ᠪᠡᠬᠢᠵᠢᠭᠦᠯᠬᠦ ᠵᠡᠷᠭᠡ ᠪᠡᠷ ᠬᠠᠮᠲᠤᠷᠠᠨ ᠠᠵᠢᠯᠯᠠᠨ᠎ᠠ᠃
4. «ᠨᠣᠣᠰᠤ ᠪᠣᠯᠪᠠᠰᠤᠷᠠᠭᠤᠯᠬᠤ ᠴᠢᠭᠯᠡᠯ ᠢᠶᠡᠷ ᠬᠠᠮᠲᠤᠷᠠᠨ ᠠᠵᠢᠯᠯᠠᠬᠤ ᠲᠤᠬᠠᠶ ᠮᠣᠩ᠋ᠭᠤᠯ ᠤᠯᠤᠰ ᠤᠨ ᠬᠦᠨᠡᠰᠦ᠂ ᠬᠥᠳᠡᠭᠡ ᠠᠵᠤ ᠠᠬᠤᠶ᠂ ᠬᠥᠩ᠋ᠭᠡᠨ ᠦᠢᠯᠡᠳᠪᠦᠷᠢ ᠢᠢᠨ ᠶᠠᠮᠤᠨ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠤᠰᠤᠨ ᠤ ᠨᠥᠭᠡᠴᠡ᠂ ᠬᠥᠳᠡᠭᠡ ᠠᠵᠤ ᠠᠬᠤᠶ ᠪᠣᠯᠤᠨ ᠪᠣᠯᠪᠠᠰᠤᠷᠠᠭᠤᠯᠬᠤ ᠦᠢᠯᠡᠳᠪᠦᠷᠢ ᠢᠢᠨ ᠶᠠᠮᠤᠨ ᠬᠣᠭᠤᠷᠤᠨᠳᠤ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌» ᠲ᠋ᠥ ᠮᠣᠩ᠋ᠭᠤᠯ ᠤᠯᠤᠰ ᠤᠨ ᠬᠦᠨᠡᠰᠦ᠂ ᠬᠥᠳᠡᠭᠡ ᠠᠵᠤ ᠠᠬᠤᠶ᠂ ᠬᠥᠩ᠋ᠭᠡᠨ ᠦᠢᠯᠡᠳᠪᠦᠷᠢ ᠢᠢᠨ ᠰᠠᠢᠢᠳ ᠵᠠᠳᠳᠣᠩᠪᠠ ᠢᠢᠨ ᠡᠩᠬᠡᠪᠠᠶᠠᠷ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠠᠢᠢᠳ ᠨᠠᠷ ᠤᠨ ᠲᠠᠩᠬᠢᠮ ᠤᠨ ᠣᠷᠤᠯᠠᠭᠴᠢ ᠳᠠᠷᠤᠭ᠎ᠠ ᠪᠥᠭᠡᠳ ᠤᠰᠤᠨ ᠤ ᠨᠥᠭᠡᠴᠡ᠂ ᠬᠥᠳᠡᠭᠡ ᠠᠵᠤ ᠠᠬᠤᠶ ᠪᠣᠯᠤᠨ ᠪᠣᠯᠪᠠᠰᠤᠷᠠᠭᠤᠯᠬᠤ ᠦᠢᠯᠡᠳᠪᠦᠷᠢ ᠢᠢᠨ ᠰᠠᠢᠢᠳ ᠲᠣᠷᠣᠪᠠᠶᠧᠸ ᠪᠠᠺᠢᠲ᠋ ᠡᠷᠭᠧᠱᠣᠸᠢᠴ᠂

ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠬᠡᠷᠡᠭᠵᠢᠭᠦᠯᠵᠦ ᠪᠤᠢ «ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠬᠦᠷᠢᠶᠡᠨ ᠳᠥ ᠮᠣᠩ᠋ᠭᠤᠯ ᠤᠯᠤᠰ ᠠᠴᠠ ᠻᠢᠷᠭᠢᠽ ᠳᠥ ᠨᠣᠣᠰᠤ ᠨᠡᠢᠢᠯᠡᠭᠦᠯᠬᠦ ᠬᠠᠮᠲᠤ ᠢᠢᠨ ᠠᠵᠢᠯᠯᠠᠭ᠎ᠠ ᠡᠬᠢᠯᠡᠯ᠎ᠡ᠃ ᠨᠣᠣᠰᠤᠨ ᠪᠦᠲᠦᠭᠡᠭ᠍ᠳᠡᠬᠦᠨ ᠨᠡᠢᠢᠯᠡᠭᠦᠯᠬᠦ᠂ ᠪᠣᠯᠪᠠᠰᠤᠷᠠᠭᠤᠯᠬᠤ᠂ ᠰᠤᠷᠲᠠᠯᠴᠢᠯᠠᠬᠤ ᠴᠢᠭᠯᠡᠯ ᠳᠥ ᠬᠠᠮᠲᠤᠷᠠᠭᠰᠠᠨ ᠲᠥᠰᠦᠯ ᠬᠡᠷᠡᠭᠵᠢᠭᠦᠯᠬᠦ᠂ ᠮᠡᠳᠡᠭᠡᠯᠡᠯ ᠰᠣᠯᠢᠯᠴᠠᠬᠤ᠂ ᠬᠠᠷᠢᠯᠴᠠᠭ᠎ᠠ ᠬᠣᠯᠪᠤᠭ᠎ᠠ ᠲᠣᠭᠲᠠᠭᠠᠬᠤ ᠵᠡᠷᠭᠡ ᠪᠡᠷ ᠬᠠᠷᠢᠯᠴᠠᠨ ᠠᠰᠢᠭ ᠲᠠᠢ ᠬᠠᠮᠲᠤᠷᠠᠨ ᠠᠵᠢᠯᠯᠠᠨ᠎ᠠ᠃
5. «ᠰᠣᠶᠤᠯ ᠤᠨ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠶ ᠮᠣᠩ᠋ᠭᠤᠯ ᠤᠯᠤᠰ ᠤᠨ ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠶᠠᠮᠤᠨ ᠪᠣᠯᠤᠨ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠣᠶᠤᠯ᠂ ᠮᠡᠳᠡᠭᠡᠯᠡᠯ᠂ ᠵᠠᠯᠠᠭᠤᠴᠤᠳ ᠤᠨ ᠪᠣᠳᠤᠯᠭ᠎ᠠ ᠢᠢᠨ ᠶᠠᠮᠤᠨ ᠬᠣᠭᠤᠷᠤᠨᠳᠤ ᠢᠢᠨ ᠰᠠᠨᠠᠮᠵᠢ ᠪᠢᠴᠢᠭ᠌» ᠲ᠋ᠥ ᠮᠣᠩ᠋ᠭᠤᠯ ᠤᠯᠤᠰ ᠤᠨ ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠰᠠᠢᠢᠳ ᠴᠢᠩᠪᠠᠲᠤ ᠢᠢᠨ ᠤᠨᠳᠤᠷᠤᠮ᠎ᠠ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠣᠶᠤᠯ᠂ ᠮᠡᠳᠡᠭᠡᠯᠡᠯ᠂ ᠵᠠᠯᠠᠭᠤᠴᠤᠳ ᠤᠨ ᠪᠣᠳᠤᠯᠭ᠎ᠠ ᠢᠢᠨ ᠰᠠᠢᠢᠳ ᠮᠠᠮᠪᠧᠲ᠋ᠠᠯᠢᠶᠧᠸ ᠮᠢᠷᠪᠧᠻ ᠻᠧᠮᠧᠯᠣᠸᠢᠴ᠂

ᠰᠣᠶᠤᠯ ᠤᠨ ᠪᠡᠶᠡᠲᠦ ᠪᠣᠯᠤᠨ ᠪᠡᠶᠡᠲᠦ ᠪᠤᠰᠤ ᠥᠪ ᠢ ᠬᠠᠮᠠᠭᠠᠯᠠᠬᠤ᠂ ᠠᠷᠠᠳ ᠤᠨ ᠭᠠᠷ ᠤᠷᠠᠯᠠᠯ᠂ ᠤᠳᠬ᠎ᠠ ᠵᠣᠬᠢᠶᠠᠯ᠂ ᠬᠡᠪᠯᠡᠯ ᠮᠡᠳᠡᠭᠡᠯᠡᠯ᠂ ᠳᠦᠷᠰᠦᠯᠡᠬᠦ ᠤᠷᠠᠯᠢᠭ᠂ ᠬᠥᠭ᠍ᠵᠢᠮ᠂ ᠲᠢᠶᠠᠲ᠋ᠷ᠂ ᠼᠢᠷᠻ᠂ ᠭᠣᠶᠤᠯ ᠴᠢᠮᠡᠭᠯᠡᠯ ᠦᠨ ᠤᠷᠠᠯᠢᠭ᠂ ᠻᠢᠨᠣ᠋ ᠤᠷᠠᠯᠢᠭ᠂ ᠮᠧᠳᠢᠶ ᠠ ᠴᠢᠭᠯᠡᠯ ᠢᠶᠡᠷ ᠲᠤᠷᠰᠢᠯᠭ᠎ᠠ ᠰᠣᠯᠢᠯᠴᠠᠬᠤ᠂ ᠤᠷᠠᠨ ᠪᠦᠲᠦᠭᠡᠯᠴᠢᠳ ᠪᠣᠯᠤᠨ ᠤᠷᠠᠯᠢᠭ ᠤᠨ ᠠᠪᠢᠶᠠᠰᠲᠠᠨ ᠨᠤᠭᠤᠳ ᠢ ᠳᠡᠮᠵᠢᠬᠦ᠂ ᠰᠣᠶᠤᠯ ᠤᠨ ᠪᠣᠯᠤᠨ ᠪᠦᠲᠦᠭᠡᠯᠴᠢ ᠦᠢᠯᠡᠳᠪᠦᠷᠢᠯᠡᠯ ᠦᠨ ᠪᠤᠰᠤᠳ ᠰᠠᠯᠪᠤᠷᠢ ᠳᠤ ᠬᠠᠮᠲᠤᠷᠠᠨ ᠠᠵᠢᠯᠯᠠᠨ᠎ᠠ᠃
6. «ᠮᠣᠩ᠋ᠭᠤᠯ ᠤᠯᠤᠰ ᠤᠨ ᠴᠠᠬᠢᠮ ᠬᠥᠭ᠍ᠵᠢᠯ᠂ ᠢᠨ᠋᠊ᠨᠣᠸᠠᠼ᠂ ᠬᠠᠷᠢᠯᠴᠠᠭ᠎ᠠ ᠬᠣᠯᠪᠤᠭᠠᠨ ᠤ ᠶᠠᠮᠤᠨ ᠪᠣᠯᠤᠨ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠴᠠᠬᠢᠮ ᠬᠥᠭ᠍ᠵᠢᠯ ᠪᠣᠯᠤᠨ ᠳᠡᠪᠰᠢᠯᠲᠡᠲᠦ ᠲᠧᠭᠨᠣᠯᠤᠭᠢ ᠢᠢᠨ ᠶᠠᠮᠤᠨ ᠬᠣᠭᠤᠷᠤᠨᠳᠤ ᠢᠢᠨ ᠴᠠᠬᠢᠮ ᠰᠢᠯᠵᠢᠯᠲᠡ ᠢᠢᠨ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠶ ᠰᠠᠨᠠᠮᠵᠢ ᠪᠢᠴᠢᠭ᠌» ᠲ᠋ᠥ ᠮᠣᠩ᠋ᠭᠤᠯ ᠤᠯᠤᠰ ᠤᠨ ᠴᠠᠬᠢᠮ ᠬᠥᠭ᠍ᠵᠢᠯ᠂ ᠢᠨ᠋᠊ᠨᠣᠸᠠᠼ᠂ ᠬᠠᠷᠢᠯᠴᠠᠭ᠎ᠠ ᠬᠣᠯᠪᠤᠭᠠᠨ ᠤ ᠰᠠᠢᠢᠳ ᠡᠩᠬᠡᠪᠠᠶᠠᠷ ᠤᠨ ᠪᠠᠲᠤᠱᠤᠭᠠᠷ ᠠ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠴᠠᠬᠢᠮ ᠬᠥᠭ᠍ᠵᠢᠯ᠂ ᠳᠡᠪᠰᠢᠯᠲᠡᠲᠦ ᠲᠧᠭᠨᠣᠯᠤᠭᠢ ᠢᠢᠨ ᠰᠠᠢᠢᠳ ᠵᠠᠮᠠᠨ᠋ᠭᠦ᠋ᠯᠣᠸ ᠠᠽᠠᠮᠠᠲ᠋ ᠰᠠᠳᠠᠲ᠋ᠪᠧᠻᠣᠸᠢᠴ᠂

ᠨᠡᠢᠢᠲᠡ ᠢᠢᠨ ᠮᠡᠳᠡᠭᠡᠯᠡᠯ ᠦᠨ ᠳᠡᠳ᠋ ᠪᠦᠲᠦᠴᠡ ᠪᠣᠯᠤᠨ ᠲᠡᠭᠦᠨ ᠳᠥ ᠬᠠᠮᠢᠶᠠᠷᠬᠤ ᠲᠣᠭᠲᠠᠯᠴᠠᠭ᠎ᠠ ᠢᠢ ᠬᠥᠭ᠍ᠵᠢᠭᠦᠯᠬᠦ ᠴᠢᠭᠯᠡᠯ ᠳᠥ ᠬᠠᠷᠢᠯᠴᠠᠨ ᠲᠤᠷᠰᠢᠯᠭ᠎ᠠ ᠰᠣᠯᠢᠯᠴᠠᠬᠤ ᠪᠣᠯᠤᠮᠵᠢ ᠪᠦᠷᠢᠳᠦᠨ᠎ᠡ᠃ ᠮᠥᠨ ᠦᠨᠳᠦᠰᠦᠨ ᠪᠣᠯᠤᠨ ᠳᠡᠮᠵᠢᠬᠦ ᠰᠢᠰᠲ᠋ᠧᠮ ᠦᠳ ᠦᠨ ᠬᠦᠷᠢᠶᠡᠨ ᠳᠥ ᠨᠥᠭᠦᠭᠡ ᠲᠠᠯ᠎ᠠ ᠢᠢᠨ ᠰᠣᠨᠢᠷᠬᠠᠭᠰᠠᠨ ᠱᠠᠭᠠᠷᠳᠠᠯᠭ᠎ᠠ ᠲᠠᠢ ᠴᠠᠬᠢᠮ ᠰᠢᠰᠲ᠋ᠧᠮ ᠢ ᠨᠡᠢᠢᠯᠡᠭᠦᠯᠬᠦ ᠪᠣᠯᠤᠮᠵᠢ ᠨᠡᠭᠡᠭᠡᠭ᠍ᠳᠡᠨ᠎ᠡ᠃
7. «ᠮᠣᠩ᠋ᠭᠤᠯ ᠤᠯᠤᠰ ᠤᠨ ᠠᠶᠤᠯ ᠦᠭᠡᠢ ᠪᠠᠢᠢᠳᠠᠯ ᠰᠤᠳᠤᠯᠤᠯ ᠤᠨ ᠬᠦᠷᠢᠶᠡᠯᠡᠩ ᠪᠣᠯᠤᠨ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠶᠡᠷᠦᠩᠬᠡᠢᠢᠯᠡᠭᠴᠢ ᠢᠢᠨ ᠳᠡᠷᠭᠡᠳᠡᠬᠢ ᠰᠲ᠋ᠷᠠᠲ᠋ᠧᠭᠢ ᠢᠢᠨ ᠦᠨᠳᠦᠰᠦᠨ ᠦ ᠬᠦᠷᠢᠶᠡᠯᠡᠩ ᠬᠣᠭᠤᠷᠤᠨᠳᠤ ᠢᠢᠨ ᠬᠠᠮᠲᠤ ᠢᠢᠨ ᠠᠵᠢᠯᠯᠠᠭᠠᠨ ᠤ ᠰᠠᠨᠠᠮᠵᠢ ᠪᠢᠴᠢᠭ᠌» ᠲ᠋ᠥ ᠮᠣᠩ᠋ᠭᠤᠯ ᠤᠯᠤᠰ ᠤᠨ ᠠᠶᠤᠯ ᠦᠭᠡᠢ ᠪᠠᠢᠢᠳᠠᠯ ᠰᠤᠳᠤᠯᠤᠯ ᠤᠨ ᠬᠦᠷᠢᠶᠡᠯᠡᠩ ᠦᠨ ᠳᠠᠷᠤᠭ᠎ᠠ ᠭᠠᠩᠬᠤᠶᠠᠭ ᠤᠨ ᠭᠠᠩᠪᠣᠯᠤᠳ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠠᠢᠢᠳ ᠨᠠᠷ ᠤᠨ ᠲᠠᠩᠬᠢᠮ ᠤᠨ ᠳᠡᠳ᠋ ᠳᠠᠷᠤᠭ᠎ᠠ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠶᠡᠷᠦᠩᠬᠡᠢᠢᠯᠡᠭᠴᠢ ᠢᠢᠨ ᠳᠡᠷᠭᠡᠳᠡᠬᠢ ᠰᠲ᠋ᠷᠠᠲ᠋ᠧᠭᠢ ᠢᠢᠨ ᠦᠨᠳᠦᠰᠦᠨ ᠦ ᠬᠦᠷᠢᠶᠡᠯᠡᠩ ᠦᠨ ᠵᠠᠬᠢᠷᠤᠯ ᠪᠠᠶᠧᠲ᠋ᠣᠸ ᠠᠶᠠᠽ ᠪᠠᠲ᠋ᠢᠷᠻᠦ᠋ᠯᠣᠸᠢᠴ᠂

ᠣᠯᠠᠨ ᠤᠯᠤᠰ ᠤᠨ ᠬᠠᠷᠢᠯᠴᠠᠭ᠎ᠠ᠂ ᠳᠡᠯᠡᠬᠡᠶ ᠳ᠋ᠠᠬᠢᠨ ᠤ ᠪᠣᠯᠤᠨ ᠪᠦᠰᠡ ᠨᠤᠲᠤᠭ ᠤᠨ ᠠᠶᠤᠯ ᠦᠭᠡᠢ ᠪᠠᠢᠢᠳᠠᠯ᠂ ᠡᠳ᠋ ᠦᠨ ᠵᠠᠰᠠᠭ᠂ ᠨᠡᠢᠢᠭᠡᠮ ᠦᠨ ᠬᠥᠭ᠍ᠵᠢᠯ ᠦᠨ ᠬᠦᠷᠢᠶᠡᠨ ᠳᠥ ᠰᠤᠳᠤᠯᠭᠠᠨ ᠤ ᠠᠵᠢᠯ ᠤᠨ ᠦᠷ᠎ᠡ ᠳ᠋ᠦᠩ ᠢ ᠰᠣᠯᠢᠯᠴᠠᠬᠤ᠂ ᠳᠡᠭᠡᠷᠡᠬᠢ ᠴᠢᠭᠯᠡᠯ ᠢᠶᠡᠷ ᠡᠷᠳᠡᠮ ᠰᠢᠨᠵᠢᠯᠡᠭᠡᠨ ᠦ ᠪᠠᠭ᠎ᠠ ᠬᠤᠷᠠᠯ᠂ ᠰᠧᠮᠢᠨᠠᠷ᠂ ᠳᠤᠭᠤᠶ ᠰᠢᠷᠡᠭᠡᠨ ᠦ ᠠᠭᠤᠯᠵᠠᠯᠲᠠ᠂ ᠠᠻᠠᠳᠧᠮᠢᠻ ᠬᠡᠯᠡᠯᠴᠡᠭᠦᠯᠭᠡ ᠬᠢᠬᠦ᠂ ᠪᠦᠰᠡ ᠨᠤᠲᠤᠭ ᠤᠨ ᠪᠣᠯᠤᠨ ᠣᠯᠠᠨ ᠤᠯᠤᠰ ᠤᠨ ᠰᠢᠨᠵᠢ ᠴᠢᠨᠠᠷᠲᠠᠶ ᠠᠷᠭ᠎ᠠ ᠬᠡᠮᠵᠢᠶ᠎ᠡ ᠢᠢ ᠬᠠᠮᠲᠤᠷᠠᠨ ᠵᠣᠬᠢᠶᠠᠨ ᠪᠠᠢᠢᠭᠤᠯᠬᠤ ᠵᠡᠷᠭᠡ ᠪᠣᠯᠤᠮᠵᠢ ᠪᠦᠷᠢᠳᠦᠯ᠎ᠡ᠃
8. «ᠬᠠᠮᠲᠤᠷᠠᠨ ᠠᠵᠢᠯᠯᠠᠬᠤ ᠲᠤᠬᠠᠶ ᠮᠣᠩ᠋ᠭᠤᠯ ᠤᠯᠤᠰ ᠤᠨ ᠶᠡᠬᠡ ᠰᠤᠷᠭᠠᠭᠤᠯᠢ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠦᠨᠳᠦᠰᠦᠨ ᠦ ᠶᠡᠬᠡ ᠰᠤᠷᠭᠠᠭᠤᠯᠢ ᠬᠣᠭᠤᠷᠤᠨᠳᠤ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌» ᠲ᠋ᠥ ᠮᠣᠩ᠋ᠭᠤᠯ ᠤᠯᠤᠰ ᠤᠨ ᠪᠣᠯᠪᠠᠰᠤᠷᠠᠯ ᠤᠨ ᠰᠠᠢᠢᠳ ᠫᠦᠷᠪᠦᠰᠦ᠋ᠷᠦᠩ ᠦᠨ ᠨᠠᠷᠠᠨᠪᠠᠶᠠᠷ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠦᠨᠳᠦᠰᠦᠨ ᠦ ᠶᠡᠬᠡ ᠰᠤᠷᠭᠠᠭᠤᠯᠢ ᠢᠢᠨ ᠷᠧᠻᠲ᠋ᠣᠷ ᠴᠣᠨ᠋ᠲ᠋ᠣᠶᠧᠸ ᠳ᠋ᠣᠭᠳᠦ᠋ᠷᠪᠧᠻ ᠲᠣᠻᠲ᠋ᠣᠰᠠᠷᠲ᠋ᠣᠸᠢᠴ᠂

ᠻᠢᠷᠭᠢᠽ ᠦᠨ ᠦᠨᠳᠦᠰᠦᠨ ᠦ ᠶᠡᠬᠡ ᠰᠤᠷᠭᠠᠭᠤᠯᠢ ᠢᠢᠨ ᠰᠡᠳᠬᠦᠯ ᠵᠦᠢ᠂ ᠣᠯᠠᠨ ᠨᠡᠢᠢᠲᠡ ᠢᠢᠨ ᠬᠠᠷᠢᠯᠴᠠᠭᠠᠨ ᠤ ᠳᠡᠭᠡᠳᠦ ᠰᠤᠷᠭᠠᠭᠤᠯᠢ ᠢᠢᠨ ᠳᠣᠣᠷ᠎ᠠ «ᠮᠣᠩ᠋ᠭᠤᠯ-ᠻᠢᠷᠭᠢᠽ ᠦᠨ ᠪᠣᠯᠪᠠᠰᠤᠷᠠᠯ᠂ ᠰᠣᠶᠤᠯ ᠤᠨ ᠲᠥᠪ» ᠪᠠᠢᠢᠭᠤᠯᠵᠤ᠂ «ᠮᠣᠩ᠋ᠭᠤᠯ ᠰᠤᠳᠤᠯᠤᠯ» ᠤᠨ ᠬᠥᠲᠦᠯᠪᠦᠷᠢ ᠬᠡᠷᠡᠭᠵᠢᠭᠦᠯᠦᠨ᠎ᠡ᠃ ᠬᠣᠶᠠᠷ ᠤᠯᠤᠰ ᠤᠨ ᠠᠷᠠᠳ ᠲᠦᠮᠡᠨ ᠦ ᠨᠡᠢᠢᠲᠡᠯᠢᠭ ᠲᠡᠦᠬᠡ᠂ ᠰᠣᠶᠤᠯ ᠤᠨ ᠥᠪ ᠪᠣᠯᠬᠤ ᠨᠡᠭᠦᠳᠡᠯᠴᠢᠳ ᠦᠨ ᠰᠣᠶᠤᠯ ᠢᠷᠭᠡᠨᠰᠢᠯ ᠪᠣᠯᠤᠨ ᠮᠣᠩ᠋ᠭᠤᠯ ᠰᠤᠳᠤᠯᠤᠯ ᠢ ᠰᠤᠷᠲᠠᠯᠴᠢᠯᠠᠬᠤ᠂ ᠬᠥᠭ᠍ᠵᠢᠭᠦᠯᠬᠦ ᠬᠡᠯᠡᠨ ᠦ ᠰᠣᠯᠢᠯᠴᠠᠭ᠎ᠠ ᠢᠢ ᠳᠡᠮᠵᠢᠬᠦ᠂ ᠬᠠᠮᠲᠤᠷᠠᠭᠰᠠᠨ ᠡᠷᠳᠡᠮ ᠰᠢᠨᠵᠢᠯᠡᠭᠡᠨ ᠦ ᠬᠤᠷᠠᠯ᠂ ᠰᠧᠮᠢᠨᠠᠷ᠂ ᠦᠵᠡᠰᠬᠦᠯᠡᠩ ᠪᠣᠯᠤᠨ ᠪᠤᠰᠤᠳ ᠠᠷᠭ᠎ᠠ ᠬᠡᠮᠵᠢᠶ᠎ᠡ ᠵᠣᠬᠢᠶᠠᠨ ᠪᠠᠢᠢᠭᠤᠯᠬᠤ ᠵᠠᠮ ᠢᠶᠠᠷ ᠡᠷᠳᠡᠮ ᠰᠢᠨᠵᠢᠯᠡᠭᠡ᠂ ᠰᠣᠶᠤᠯ ᠤᠨ ᠰᠣᠯᠢᠯᠴᠠᠭ᠎ᠠ ᠢᠢ ᠬᠥᠭ᠍ᠵᠢᠭᠦᠯᠦᠨ᠎ᠡ᠃
9. «ᠮᠣᠩ᠋ᠭᠤᠯ ᠤᠯᠤᠰ ᠤᠨ ᠳᠠᠷᠬᠠᠨ-ᠠᠭᠤᠯᠠ ᠠᠢᠢᠮᠠᠭ ᠤᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ ᠪᠣᠯᠤᠨ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ «ᠨᠠᠷᠢᠨ» ᠮᠤᠵᠢ ᠳ᠋ᠠᠬᠢ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠶᠡᠷᠦᠩᠬᠡᠢᠢᠯᠡᠭᠴᠢ ᠢᠢᠨ ᠪᠦᠷᠢᠨ ᠡᠷᠬᠡᠲᠦ ᠲᠥᠯᠦᠭᠡᠯᠡᠭᠴᠢ ᠢᠢᠨ ᠭᠠᠵᠠᠷ ᠬᠣᠭᠤᠷᠤᠨᠳᠤ ᠢᠢᠨ ᠬᠠᠮᠲᠤᠷᠠᠨ ᠠᠵᠢᠯᠯᠠᠬᠤ ᠲᠤᠬᠠᠶ ᠰᠠᠨᠠᠮᠵᠢ ᠪᠢᠴᠢᠭ᠌» ᠲ᠋ᠥ ᠮᠣᠩ᠋ᠭᠤᠯ ᠤᠯᠤᠰ ᠠᠴᠠ ᠪᠦᠭᠦᠳᠡ ᠨᠠᠢᠢᠷᠠᠮᠳᠠᠬᠤ ᠻᠢᠷᠭᠢᠽ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠰᠣᠳᠨᠠᠮ ᠤᠨ ᠭᠠᠩᠬᠤᠶᠠᠭ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠨᠠᠷᠢᠨ ᠮᠤᠵᠢ ᠳ᠋ᠠᠬᠢ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠶᠡᠷᠦᠩᠬᠡᠢᠢᠯᠡᠭᠴᠢ ᠢᠢᠨ ᠪᠦᠷᠢᠨ ᠡᠷᠬᠡᠲᠦ ᠲᠥᠯᠦᠭᠡᠯᠡᠭᠴᠢ ᠰᠠᠲ᠋ᠠᠷᠣᠸ ᠨᠦᠷᠪᠧᠻ ᠪᠧᠢᠢᠱᠧᠨᠠᠯᠢᠶᠧᠸᠢᠴ᠂

ᠣᠷᠤᠨ ᠨᠤᠲᠤᠭ ᠤᠨ ᠬᠠᠮᠲᠤ ᠢᠢᠨ ᠠᠵᠢᠯᠯᠠᠭ᠎ᠠ ᠢᠢ ᠡᠬᠢᠯᠡᠭᠦᠯᠵᠦ᠂ ᠠᠢᠢᠮᠠᠭ ᠤᠳ ᠪᠣᠯᠤᠨ ᠢᠷᠭᠡᠳ᠂ ᠠᠵᠤ ᠠᠬᠤᠶ ᠢᠢᠨ ᠨᠢᠭᠡᠴᠡ ᠬᠣᠭᠤᠷᠤᠨᠳᠤ ᠢᠢᠨ ᠡᠳ᠋ ᠦᠨ ᠵᠠᠰᠠᠭ᠂ ᠬᠤᠳᠠᠯᠳᠤᠭ᠎ᠠ᠂ ᠬᠥᠳᠡᠭᠡ ᠠᠵᠤ ᠠᠬᠤᠶ ᠢᠢᠨ ᠰᠢᠭᠤᠳ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠦᠨ᠎ᠡ᠃
10. «ᠮᠣᠩ᠋ᠭᠤᠯ ᠤᠯᠤᠰ ᠤᠨ ᠦᠨᠳᠦᠰᠦᠨ ᠦ ᠮᠡᠳᠡᠭᠡᠯᠡᠯ ᠦᠨ «ᠮᠣᠩ᠊ᠴᠠ᠊ᠮᠡ» ᠠᠭᠧᠨ᠋ᠲ᠋ᠯᠢᠭ ᠪᠣᠯᠤᠨ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠦᠨᠳᠦᠰᠦᠨ ᠦ ᠮᠡᠳᠡᠭᠡᠯᠡᠯ ᠦᠨ «ᠻᠠᠪᠠᠷ» ᠠᠭᠧᠨ᠋ᠲ᠋ᠯᠢᠭ ᠬᠣᠭᠤᠷᠤᠨᠳᠤ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌» ᠲ᠋ᠥ ᠮᠣᠩ᠋ᠭᠤᠯ ᠤᠯᠤᠰ ᠠᠴᠠ ᠪᠦᠭᠦᠳᠡ ᠨᠠᠢᠢᠷᠠᠮᠳᠠᠬᠤ ᠻᠢᠷᠭᠢᠽ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠰᠣᠳᠨᠠᠮ ᠤᠨ ᠭᠠᠩᠬᠤᠶᠠᠭ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠦᠨᠳᠦᠰᠦᠨ ᠦ ᠮᠡᠳᠡᠭᠡᠯᠡᠯ ᠦᠨ «ᠻᠠᠪᠠᠷ» ᠠᠭᠧᠨ᠋ᠲ᠋ᠯᠢᠭ ᠤᠨ ᠵᠠᠬᠢᠷᠤᠯ ᠱᠧᠷᠮᠠᠲ᠋ᠠᠯᠢᠶᠧᠸ ᠮᠧᠳᠧᠷᠪᠧᠻ ᠠᠰᠠᠨᠠᠯᠢᠶᠧᠸᠢᠴ᠂

ᠮᠡᠳᠡᠭᠡᠯᠡᠯ ᠦᠨ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠰᠢᠨ᠎ᠡ ᠱᠠᠲᠤᠨ ᠳᠤ ᠭᠠᠷᠭᠠᠬᠤ᠂ ᠤᠯᠤᠰ ᠲᠥᠷᠦ᠂ ᠨᠡᠢᠢᠭᠡᠮ᠂ ᠡᠳ᠋ ᠦᠨ ᠵᠠᠰᠠᠭ᠂ ᠰᠣᠶᠤᠯ ᠤᠷᠠᠯᠢᠭ᠂ ᠠᠶᠠᠯᠠᠯ ᠵᠢᠭᠤᠯᠴᠢᠯᠠᠯ ᠵᠡᠷᠭᠡ ᠰᠠᠯᠪᠤᠷᠢ ᠳᠤ ᠬᠠᠷᠢᠯᠴᠠᠨ ᠮᠡᠳᠡᠭᠡᠯᠡᠯ ᠰᠣᠯᠢᠯᠴᠠᠬᠤ᠂ ᠮᠡᠳᠡᠭᠡᠯᠡᠯ ᠢᠶᠡᠨ ᠥᠪᠡᠷᠰᠡᠳ ᠦᠨ ᠰᠤᠪᠠᠭ ᠢᠶᠠᠷ ᠲᠦᠭᠡᠭᠡᠬᠦ ᠪᠣᠯᠤᠮᠵᠢ ᠪᠦᠷᠢᠳᠦᠯ᠎ᠡ᠃
11. «ᠮᠣᠩ᠋ᠭᠤᠯ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠪᠣᠯᠤᠨ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠬᠣᠭᠤᠷᠤᠨᠳᠤ ᠢᠢᠨ ᠬᠠᠮᠲᠤ ᠢᠢᠨ ᠠᠵᠢᠯᠯᠠᠭᠠᠨ ᠤ ᠬᠡᠯᠡᠯᠴᠡᠭᠡᠷ» ᠲ᠋ᠥ ᠮᠣᠩ᠋ᠭᠤᠯ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠢᠢᠨ ᠶᠡᠷᠦᠩᠬᠡᠢᠢᠯᠡᠭᠴᠢ ᠰᠣᠳᠨᠠᠮᠰᠠᠮᠪᠤᠤ ᠢᠢᠨ ᠳᠡᠮᠪᠡᠷᠢᠯ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠢᠢᠨ ᠶᠡᠷᠦᠩᠬᠡᠢᠢᠯᠡᠭᠴᠢ ᠠᠪᠳ᠋ᠷᠠᠾᠮᠠᠲ᠋ᠣᠸ ᠻᠠᠨᠠᠲ᠋ᠪᠧᠻ ᠧᠷᠮᠧᠻᠣᠸᠢᠴ᠂

ᠰᠢᠨᠵᠢᠯᠡᠬᠦ ᠤᠬᠠᠭᠠᠨ ᠤ ᠰᠤᠳᠤᠯᠭ᠎ᠠ᠂ ᠬᠥᠭ᠍ᠵᠢᠯ ᠦᠨ ᠰᠠᠯᠪᠤᠷᠢ ᠳ᠋ᠠᠬᠢ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠵᠦ᠂ ᠬᠠᠮᠲᠤᠷᠠᠭᠰᠠᠨ ᠲᠥᠰᠦᠯ᠂ ᠬᠥᠲᠦᠯᠪᠦᠷᠢ ᠬᠡᠷᠡᠭᠵᠢᠭᠦᠯᠦᠨ᠎ᠡ᠃
12. «ᠮᠣᠩ᠋ᠭᠤᠯ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠢᠢᠨ ᠠᠷᠬᠧᠣᠯᠤᠭᠢ ᠢᠢᠨ ᠬᠦᠷᠢᠶᠡᠯᠡᠩ ᠪᠣᠯᠤᠨ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠪ᠊·ᠿᠠᠮᠭᠢᠷᠴᠢᠶᠧᠸ ᠦᠨ ᠨᠡᠷᠡᠮᠵᠢᠲᠦ ᠲᠡᠦᠬᠡ᠂ ᠠᠷᠬᠧᠣᠯᠤᠭᠢ᠂ ᠤᠭᠰᠠᠭᠠᠲᠠᠨ ᠤ ᠰᠤᠳᠤᠯᠤᠯ ᠤᠨ ᠢᠨ᠋ᠰᠲ᠋ᠢᠲ᠋ᠦ᠋ᠲ ᠬᠣᠭᠤᠷᠤᠨᠳᠤ ᠢᠢᠨ ᠬᠠᠮᠲᠤ ᠢᠢᠨ ᠠᠵᠢᠯᠯᠠᠭᠠᠨ ᠤ ᠬᠡᠯᠡᠯᠴᠡᠭᠡᠷ» ᠲ᠋ᠥ ᠮᠣᠩ᠋ᠭᠤᠯ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠢᠢᠨ ᠠᠷᠬᠧᠣᠯᠤᠭᠢ ᠢᠢᠨ ᠬᠦᠷᠢᠶᠡᠯᠡᠩ ᠦᠨ ᠵᠠᠬᠢᠷᠤᠯ ᠭᠡᠯᠡᠭᠳᠣᠷᠵᠢ ᠢᠢᠨ ᠷᠢᠭ᠍ᠵᠢᠨ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠢᠢᠨ ᠶᠡᠷᠦᠩᠬᠡᠢᠢᠯᠡᠭᠴᠢ ᠠᠪᠳ᠋ᠷᠠᠾᠮᠠᠲ᠋ᠣᠸ ᠻᠠᠨᠠᠲ᠋ᠪᠧᠻ ᠧᠷᠮᠧᠻᠣᠸᠢᠴ᠂

ᠡᠷᠳᠡᠮ ᠰᠢᠨᠵᠢᠯᠡᠭᠡ᠂ ᠰᠤᠳᠤᠯᠭ᠎ᠠ᠂ ᠢᠨ᠋᠊ᠨᠣᠸᠠᠼ ᠤᠨ ᠴᠢᠭᠯᠡᠯ ᠢᠶᠡᠷ ᠴᠣᠭᠴᠠ ᠠᠵᠢᠯ ᠬᠢᠨ᠎ᠡ᠃ ᠠᠷᠬᠧᠣᠯᠤᠭᠢ ᠢᠢᠨ ᠣᠯᠳᠠᠪᠤᠷᠢ ᠢᠢᠨ ᠰᠤᠳᠤᠯᠭᠠᠨ ᠤ ᠦᠷ᠎ᠡ ᠳ᠋ᠦᠩ᠂ ᠣᠷᠴᠢᠨ ᠦᠶ᠎ᠡ ᠢᠢᠨ ᠲᠠᠢᠢᠯᠪᠤᠷᠢ ᠠᠭᠤᠯᠤᠭᠰᠠᠨ ᠮᠡᠳᠡᠭᠡᠯᠡᠯ᠂ ᠰᠢᠨᠵᠢᠯᠡᠬᠦ ᠤᠬᠠᠭᠠᠨ ᠤ ᠬᠡᠪᠯᠡᠯ᠂ ᠯᠠᠪᠯᠠᠬᠤ ᠨᠣᠮ ᠪᠣᠯᠤᠨ ᠪᠤᠰᠤᠳ ᠮᠡᠳᠡᠭᠡᠯᠡᠯ ᠢ ᠲᠣᠭᠲᠠᠮᠠᠯ ᠰᠣᠯᠢᠯᠴᠠᠬᠤ᠂ ᠬᠠᠷᠢᠯᠴᠠᠨ ᠰᠣᠨᠢᠷᠬᠠᠭᠰᠠᠨ ᠰᠤᠳᠤᠯᠭᠠᠨ ᠤ ᠲᠥᠰᠦᠯ ᠦᠳ ᠢ ᠬᠡᠷᠡᠭᠵᠢᠭᠦᠯᠬᠦ ᠳᠥ ᠳᠡᠮᠵᠢᠯᠭᠡ ᠦᠵᠡᠭᠦᠯᠬᠦ᠂ ᠲᠠᠯ᠎ᠠ ᠨᠤᠭᠤᠳ ᠤᠨ ᠨᠣᠮ ᠤᠨ ᠰᠠᠩ᠂ ᠠᠷᠬᠢᠧ ᠢᠢᠨ ᠰᠠᠩ ᠳᠤ ᠰᠤᠳᠤᠯᠤᠭᠠᠴᠢᠳ᠂ ᠠᠰᠫᠢᠷᠠᠨ᠋ᠲ ᠤᠳ ᠤᠨ ᠠᠵᠢᠯᠯᠠᠬᠤ ᠪᠣᠯᠤᠮᠵᠢ ᠢᠢ ᠳᠡᠮᠵᠢᠬᠦ ᠵᠡᠷᠭᠡ ᠪᠡᠷ ᠬᠠᠮᠲᠤᠷᠠᠨ᠎ᠠ᠃
13. «ᠮᠣᠩ᠋ᠭᠤᠯ ᠤᠨ ᠦᠨᠳᠦᠰᠦᠨ ᠦ ᠣᠯᠠᠨ ᠨᠡᠢᠢᠲᠡ ᠢᠢᠨ ᠷᠠᠳᠢᠣ᠋᠂ ᠲᠧᠯᠧᠸᠢᠽ ᠪᠣᠯᠤᠨ ᠻᠢᠷᠭᠢᠽ ᠦᠨ ᠦᠨᠳᠦᠰᠦᠨ ᠦ ᠷᠠᠳᠢᠣ᠋᠂ ᠲᠧᠯᠧᠸᠢᠽ ᠦᠨ ᠻᠣᠷᠫᠤᠷᠠᠼᠢ ᠬᠣᠭᠤᠷᠤᠨᠳᠤ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌» ᠲ᠋ᠥ ᠮᠣᠩ᠋ᠭᠤᠯ ᠤᠨ ᠦᠨᠳᠦᠰᠦᠨ ᠦ ᠣᠯᠠᠨ ᠨᠡᠢᠢᠲᠡ ᠢᠢᠨ ᠷᠠᠳᠢᠣ᠋᠂ ᠲᠧᠯᠧᠸᠢᠽ ᠦᠨ ᠶᠡᠷᠦᠩᠬᠡᠶ ᠵᠠᠬᠢᠷᠤᠯ ᠭᠠᠩᠬᠤᠶᠠᠭ ᠤᠨ ᠭᠡᠷᠡᠯ᠂ ᠪᠦᠭᠦᠳᠡ ᠨᠠᠢᠢᠷᠠᠮᠳᠠᠬᠤ ᠻᠢᠷᠭᠢᠽ ᠤᠯᠤᠰ ᠤᠨ ᠦᠨᠳᠦᠰᠦᠨ ᠦ ᠷᠠᠳᠢᠣ᠋᠂ ᠲᠧᠯᠧᠸᠢᠽ ᠦᠨ ᠻᠣᠷᠫᠤᠷᠠᠼᠢ ᠢᠢᠨ ᠶᠡᠷᠦᠩᠬᠡᠶ ᠵᠠᠬᠢᠷᠤᠯ ᠪᠣ·ᠻ᠊·ᠲᠢᠯᠯᠧᠪᠠᠶᠧᠸ ᠨᠠᠷ ᠭᠠᠷ ᠤᠨ ᠦᠰᠦᠭ ᠵᠢᠷᠤᠯ᠎ᠠ᠃

ᠲᠠᠯ᠎ᠠ ᠨᠤᠭᠤᠳ ᠥᠪᠡᠷ ᠦᠨ ᠤᠯᠤᠰ ᠤᠨ ᠰᠣᠶᠤᠯ᠂ ᠠᠶᠠᠯᠠᠯ ᠵᠢᠭᠤᠯᠴᠢᠯᠠᠯ ᠢ ᠳᠡᠮᠵᠢᠭᠰᠡᠨ ᠻᠣᠨ᠋ᠲ᠋ᠧᠨ᠋ᠲ᠋ ᠬᠠᠷᠢᠯᠴᠠᠨ ᠰᠣᠯᠢᠯᠴᠠᠬᠤ᠂ ᠷᠠᠳᠢᠣ᠋᠂ ᠲᠧᠯᠧᠸᠢᠽ ᠦᠨ ᠬᠠᠮᠲᠤᠷᠠᠭᠰᠠᠨ ᠦᠵᠡᠰᠬᠦᠯᠡᠩ᠂ ᠰᠣᠶᠤᠯ ᠤᠨ ᠠᠷᠭ᠎ᠠ ᠬᠡᠮᠵᠢᠶ᠎ᠡ ᠵᠣᠬᠢᠶᠠᠨ ᠪᠠᠢᠢᠭᠤᠯᠬᠤ ᠵᠡᠷᠭᠡ ᠪᠡᠷ ᠰᠣᠶᠤᠯ᠂ ᠤᠷᠠᠯᠢᠭ᠂ ᠲᠡᠦᠬᠡ᠂ ᠤᠯᠠᠮᠵᠢᠯᠠᠯ ᠢᠶᠠᠨ ᠰᠤᠷᠲᠠᠯᠴᠢᠯᠠᠨ᠎ᠠ᠃