Та "Internet explorer"-ийн сүүлийн хувилбар болох "Microsoft edge"-г ашиглана уу

Хэрэв "Microsoft edge"-г татах бол энд дарж татаж авна уу

ᠶᠡᠷᠦᠩᠬᠡᠢᠢᠯᠡᠭᠴᠢ ᠤ·ᠬᠦᠷᠡᠯᠰᠦ᠋ᠬᠡ ᠻᠢᠷᠭᠢᠽ ᠦᠨ ᠫᠠᠷᠯᠠᠮᠧᠨ᠌ᠲ ᠤᠨ ᠳᠠᠷᠤᠭ᠎ᠠ ᠢᠢ ᠬᠦᠯᠢᠶᠡᠨ ᠠᠪᠴᠤ ᠠᠭᠤᠯᠵᠠᠯ᠎ᠠ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠻᠢᠷᠭᠢᠽ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠤᠨ ᠢᠶᠠᠨ ᠦᠶ᠎ᠡ ᠪᠡᠷ ᠲᠤᠰ ᠤᠯᠤᠰ ᠤᠨ ᠫᠠᠷᠯᠠᠮᠧᠨ᠋ᠲ ᠵᠣᠭᠣᠷᠻᠦ᠋ ᠻᠧᠨᠧᠱ ᠦᠨ ᠳᠠᠷᠤᠭ᠎ᠠ ᠨᠦ᠊·ᠲᠦᠷᠭᠦ᠋ᠨ᠋ᠪᠧᠻ ᠢ ᠬᠦᠯᠢᠶᠡᠨ ᠠᠪᠴᠤ ᠠᠭᠤᠯᠵᠠᠯ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠬᠣᠶᠠᠷ ᠤᠯᠤᠰ ᠤᠨ ᠲᠥᠷᠦ ᠢᠢᠨ ᠲᠡᠷᠢᠭᠦᠨ ᠦ ᠠᠯᠪᠠᠨ ᠶᠣᠰᠤᠨ ᠤ ᠬᠡᠯᠡᠯᠴᠡᠭᠡ ᠦᠷ᠎ᠡ ᠳ᠋ᠦᠩ ᠲᠡᠢ ᠪᠣᠯᠤᠭᠰᠠᠨ ᠢ ᠣᠨᠴᠠᠯᠠᠯ᠎ᠠ᠃

ᠲᠡᠷᠡ ᠪᠡᠷ ᠨᠡᠭᠦᠳᠡᠯ ᠦᠨ ᠰᠣᠶᠤᠯ ᠢᠷᠭᠡᠨᠰᠢᠯ᠂ ᠲᠡᠦᠬᠡ᠂ ᠶᠣᠰᠤ ᠵᠠᠩᠰᠢᠯ ᠵᠡᠷᠭᠡ ᠢᠵᠢᠯ ᠲᠥᠰᠲᠡᠢ ᠦᠨᠡᠲᠦ ᠵᠦᠢᠯᠡᠰ ᠲᠡᠢ ᠤᠯᠠᠮᠵᠢᠯᠠᠯᠲᠤ ᠨᠠᠢᠢᠷᠰᠠᠭ ᠬᠠᠷᠢᠯᠴᠠᠭ᠎ᠠ ᠢᠢ «ᠢᠵᠢ ᠪᠦᠷᠢᠨ ᠲᠦᠩᠰᠢᠯᠡᠯ» ᠤᠨ ᠲᠥᠪᠰᠢᠨ ᠳᠥ ᠪᠦᠬᠦ ᠰᠠᠯᠪᠤᠷᠢ ᠳᠤ ᠥᠷᠭᠡᠵᠢᠭᠦᠯᠦᠨ ᠬᠥᠭ᠍ᠵ᠍ᠢᠭᠦᠯᠬᠦ ᠪᠡᠷ ᠲᠣᠬᠢᠷᠠᠯᠴᠠᠭᠰᠠᠨ ᠢ ᠲᠡᠮᠳᠡᠭᠯᠡᠪᠡ᠃

ᠬᠣᠶᠠᠷ ᠤᠯᠤᠰ ᠤᠨ ᠬᠠᠷᠢᠯᠴᠠᠭᠠᠨ ᠳᠤ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠬᠣᠭᠤᠷᠤᠨᠳᠤ ᠢᠢᠨ ᠬᠠᠮᠲᠤ ᠢᠢᠨ ᠠᠵᠢᠯᠯᠠᠭ᠎ᠠ ᠴᠢᠬᠤᠯᠠ ᠡᠭᠦᠷᠭᠡ ᠭᠦᠢᠴᠡᠳᠬᠡᠬᠦ ᠢᠢ ᠬᠡᠯᠡᠵᠦ᠂ ᠫᠠᠷᠯᠠᠮᠧᠨ᠋ᠲ ᠤᠨ ᠳᠠᠷᠤᠭ᠎ᠠ ᠨᠠᠷ ᠤᠨ 2024 ᠣᠨ ᠳᠤ ᠬᠢᠭ᠍ᠰᠡᠨ ᠬᠠᠷᠢᠯᠴᠠᠨ ᠠᠢᠢᠯᠴᠢᠯᠠᠯ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠦᠨ ᠪᠡᠬᠢᠵᠢᠭᠦᠯᠬᠦ ᠳᠥ ᠵᠢᠩᠲᠡᠢ ᠬᠤᠪᠢ ᠨᠡᠮᠡᠷᠢ ᠣᠷᠤᠭᠤᠯᠤᠭᠰᠠᠨ ᠢ ᠣᠨᠴᠠᠯᠠᠯ᠎ᠠ᠃

ᠵᠣᠭᠣᠷᠻᠦ᠋ ᠻᠧᠨᠧᠱ ᠦᠨ ᠳᠠᠷᠤᠭ᠎ᠠ ᠨᠦ᠊·ᠲᠦᠷᠭᠦ᠋ᠨ᠋ᠪᠧᠻ ᠂ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠥᠷᠦ ᠢᠢᠨ ᠠᠢᠢᠯᠴᠢᠯᠠᠯ ᠳᠤ ᠻᠢᠷᠭᠢᠽ ᠦᠨ ᠲᠥᠷᠦ᠂ ᠵᠠᠰᠠᠭ᠂ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠥᠨᠳᠦᠷ ᠠᠴᠢ ᠬᠣᠯᠪᠤᠭᠳᠠᠯ ᠥᠭᠴᠦ ᠪᠤᠢ ᠢᠢ ᠣᠨᠴᠠᠯᠠᠵᠤ᠂ ᠫᠠᠷᠯᠠᠮᠧᠨ᠋ᠲ ᠬᠣᠭᠤᠷᠤᠨᠳᠤ ᠢᠢᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠪᠡᠬᠢᠵᠢᠭᠦᠯᠬᠦ ᠳᠥ ᠪᠦᠬᠦ ᠲᠠᠯ᠎ᠠ ᠢᠢᠨ ᠳᠡᠮᠵᠢᠯᠭᠡ ᠦᠵᠡᠭᠦᠯᠬᠦ ᠪᠡᠨ ᠢᠯᠡᠷᠬᠡᠢᠢᠯᠡᠪᠡ᠃

ᠲᠠᠯ᠎ᠠ ᠨᠤᠭᠤᠳ ᠬᠣᠶᠠᠷ ᠤᠯᠤᠰ ᠤᠨ ᠬᠠᠷᠢᠯᠴᠠᠭᠠᠨ ᠤ ᠡᠷᠬᠡ ᠵᠦᠢ ᠢᠢᠨ ᠲᠠᠭᠠᠲᠠᠢ ᠣᠷᠴᠢᠨ ᠢ ᠤᠯᠠᠮ ᠪᠡᠬᠢᠵᠢᠭᠦᠯᠬᠦ᠂ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠬᠣᠭᠤᠷᠤᠨᠳᠤ ᠬᠠᠷᠢᠯᠴᠠᠨ ᠠᠢᠢᠯᠴᠢᠯᠠᠯ ᠬᠢᠬᠦ᠂ ᠲᠤᠷᠰᠢᠯᠭ᠎ᠠ ᠰᠣᠯᠢᠯᠴᠠᠬᠤ ᠵᠡᠷᠭᠡ ᠪᠡᠷ ᠨᠢᠭ᠌ᠲᠠ ᠬᠠᠮᠲᠤᠷᠠᠨ ᠠᠵᠢᠯᠯᠠᠬᠤ ᠢᠢᠨ ᠲᠥᠯᠦᠭᠡ ᠪᠠᠢᠢᠭ᠎ᠠ ᠪᠠᠨ ᠨᠤᠲᠠᠯᠠᠯ᠎ᠠ᠃

ᠲᠦᠷᠭᠦ᠋ᠨ᠋ᠪᠧᠻ ᠦᠦᠯᠦ᠋ ᠨᠦᠷᠯᠠᠨ᠋ᠪᠧᠻ 2022 ᠣᠨ ᠳᠤ ᠫᠠᠷᠯᠠᠮᠧᠨ᠋ᠲ ᠤᠨ ᠳᠠᠷᠤᠭ᠎ᠠ ᠪᠣᠯᠤᠭᠰᠠᠨ᠃ ᠫᠠᠷᠯᠠᠮᠧᠨ᠋ᠲ ᠵᠣᠭᠣᠷᠻᠦ᠋ ᠻᠧᠨᠧᠱ ᠨᠢ ᠨᠢᠭᠡ ᠲᠠᠩᠬᠢᠮ ᠲᠠᠢ᠂ ᠨᠠᠮ ᠤᠨ ᠵᠢᠭ᠌ᠰᠠᠭᠠᠯᠲᠠ᠂ ᠲᠣᠭᠤᠷᠢᠭ ᠪᠤᠶᠤ ᠬᠣᠯᠢᠮᠠᠭ ᠲᠣᠭᠲᠠᠯᠴᠠᠭ᠎ᠠ ᠲᠠᠢ᠂ ᠲᠠᠪᠤᠨ ᠵᠢᠯ ᠢᠶᠡᠷ ᠰᠣᠩ᠋ᠭᠤᠭᠳᠠᠳᠠᠭ 90 ᠭᠡᠰᠢᠭᠦᠨ ᠲᠡᠢ ᠶᠤᠮ᠃

ᠰᠡᠭᠦᠯ ᠦᠨ ᠬᠣᠶᠠᠷ ᠤᠳᠠᠭ᠎ᠠ ᠢᠢᠨ ᠰᠣᠩ᠋ᠭᠤᠭᠤᠯᠢ ᠳᠤ ᠮᠠᠨ ᠤ ᠤᠯᠤᠰ ᠤᠨ ᠲᠤᠷᠰᠢᠯᠭ᠎ᠠ ᠪᠠᠷ ᠰᠣᠩ᠋ᠭᠤᠭᠤᠯᠢ ᠢᠢᠨ ᠰᠠᠨᠠᠯ ᠬᠤᠷᠢᠶᠠᠬᠤ ᠲᠧᠭᠨᠣᠯᠤᠭᠢ᠂ ᠢᠷᠭᠡᠨ ᠦ ᠪᠦᠷᠢᠳᠬᠡᠯ ᠦᠨ ᠰᠢᠰᠲ᠋ᠧᠮ ᠢ ᠠᠰᠢᠭᠯᠠᠭᠰᠠᠨ ᠨᠢ ᠦᠷ᠎ᠡ ᠳ᠋ᠦᠩ ᠳᠥ ᠬᠦᠷᠦᠭᠰᠡᠨ ᠭᠡᠵᠦ ᠦᠵᠡᠳᠡᠭ ᠪᠠᠢᠢᠨ᠎ᠠ᠃

ᠻᠢᠷᠭᠢᠽ ᠦᠨ ᠲᠠᠯ᠎ᠠ ᠠᠴᠠ 2004 ᠣᠨ ᠳᠤ ᠫᠠᠷᠯᠠᠮᠧᠨ᠋ᠲ ᠤᠨ ᠳᠣᠣᠷᠠᠳᠤ ᠲᠠᠩᠬᠢᠮ ᠤᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ ᠠ᠊·ᠪᠣᠷᠦ᠋ᠪᠠᠶᠧᠸ᠂ 2004 ᠣᠨ ᠳᠤ ᠫᠠᠷᠯᠠᠮᠧᠨ᠋ᠲ ᠤᠨ ᠳᠠᠷᠤᠭ᠎ᠠ ᠨᠦ᠊·ᠱᠠᠻᠢᠶᠧᠸ ᠮᠠᠨ ᠤ ᠤᠯᠤᠰ ᠲᠤ ᠠᠢᠢᠯᠴᠢᠯᠠᠵᠤ ᠪᠠᠢᠢᠵᠠᠶ᠃