ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠲ᠋ᠠᠵᠢᠻᠢᠰᠲ᠋ᠠᠨ ᠤᠯᠤᠰ ᠤᠨ ᠶᠡᠷᠦᠩᠬᠡᠢᠢᠯᠡᠭᠴᠢ ᠡᠮᠣᠮᠠᠯᠢ ᠷᠠᠾᠮᠣᠨ ᠤ ᠤᠷᠢᠯᠭ᠎ᠠ ᠪᠠᠷ 2025 ᠣᠨ ᠤ 07 ᠳ᠋ᠤᠭᠠᠷ ᠰᠠᠷ᠎ᠠ ᠢᠢᠨ 23-26 ᠤ ᠡᠳᠦᠷ ᠦᠳ ᠲᠥ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠬᠦ ᠪᠡᠷ ᠬᠦᠷᠦᠯᠴᠡᠨ ᠢᠷᠡᠯ᠎ᠡ᠃
ᠶᠡᠷᠦᠩᠬᠡᠢᠢᠯᠡᠭᠴᠢ ᠤ·ᠬᠦᠷᠡᠯᠰᠦ᠋ᠬᠡ ᠢᠢ «ᠳ᠋ᠦᠱᠠᠨ᠋ᠪᠧ» ᠣᠯᠠᠨ ᠤᠯᠤᠰ ᠤᠨ ᠨᠢᠰᠬᠦ ᠣᠩ᠋ᠭᠤᠴᠠᠨ ᠤ ᠪᠠᠭᠤᠳᠠᠯ ᠳᠤ ᠲᠤᠰ ᠤᠯᠤᠰ ᠤᠨ ᠲᠡᠷᠢᠭᠦᠨ ᠰᠢᠳᠠᠷ ᠰᠠᠢᠢᠳ ᠾᠣᠯᠢᠻᠽᠣᠳᠠ ᠾᠣᠻᠢᠮ᠂ ᠲᠤᠰ ᠤᠯᠤᠰ ᠲᠤ ᠬᠠᠪᠰᠤᠷᠤᠨ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠳᠣ᠊·ᠪᠠᠶᠠᠷᠬᠦ᠋ᠦ ᠨᠠᠷ ᠤᠭᠲᠤᠵᠤ ᠠᠪᠤᠯ᠎ᠠ᠃



ᠡᠨᠡ ᠤᠳᠠᠭ᠎ᠠ ᠢᠢᠨ ᠠᠢᠢᠯᠴᠢᠯᠠᠯ ᠲᠥᠪ ᠠᠽᠢ ᠢᠢᠨ ᠤᠯᠤᠰ ᠣᠷᠤᠨ ᠨᠤᠭᠤᠳ᠂ ᠲᠡᠷᠡ ᠳᠤᠮᠳᠠ ᠪᠠᠨ ᠲ᠋ᠠᠵᠢᠻᠢᠰᠲ᠋ᠠᠨ ᠤᠯᠤᠰ ᠲᠠᠢ ᠨᠠᠢᠢᠷᠰᠠᠭ ᠬᠠᠷᠢᠯᠴᠠᠭ᠎ᠠ ᠪᠠᠨ ᠥᠷᠭᠡᠵᠢᠭᠦᠯᠦᠨ ᠬᠥᠭ᠍ᠵᠢᠭᠦᠯᠬᠦ᠂ ᠬᠠᠮᠲᠤ ᠢᠢᠨ ᠠᠵᠢᠯᠯᠠᠭ᠎ᠠ ᠢᠢ ᠡᠳ᠋ ᠦᠨ ᠵᠠᠰᠠᠭ ᠤᠨ ᠠᠭᠤᠯᠭ᠎ᠠ ᠪᠠᠷ ᠪᠠᠶᠠᠵᠢᠭᠤᠯᠬᠤ᠂ ᠠᠷᠠᠳ ᠲᠦᠮᠡᠨ ᠦ ᠨᠠᠢᠢᠷᠠᠮᠳᠠᠯ᠂ ᠨᠥᠬᠦᠷᠯᠡᠯ ᠢ ᠪᠡᠬᠢᠵᠢᠭᠦᠯᠬᠦ ᠳᠥ ᠴᠢᠬᠤᠯᠠ ᠲᠦᠯᠬᠢᠴᠡ ᠪᠣᠯᠤᠨ᠎ᠠ ᠭᠡᠵᠦ ᠲᠠᠯ᠎ᠠ ᠨᠤᠭᠤᠳ ᠦᠵᠡᠵᠦ ᠪᠠᠢᠢᠨ᠎ᠠ᠃
ᠶᠡᠷᠦᠩᠬᠡᠢᠢᠯᠡᠭᠴᠢ ᠤ·ᠬᠦᠷᠡᠯᠰᠦ᠋ᠬᠡ᠂ ᠡᠮᠣᠮᠠᠯᠢ ᠷᠠᠾᠮᠣᠨ ᠨᠠᠷ ᠭᠠᠭᠴᠠᠭᠠᠷᠴᠢᠯᠠᠭᠰᠠᠨ ᠠᠭᠤᠯᠵᠠᠯᠲᠠ ᠪᠣᠯᠤᠨ ᠠᠯᠪᠠᠨ ᠶᠣᠰᠤᠨ ᠤ ᠬᠡᠯᠡᠯᠴᠡᠭᠡ ᠬᠢᠵᠦ᠂ «ᠨᠠᠢᠢᠷᠰᠠᠭ ᠬᠠᠷᠢᠯᠴᠠᠭ᠎ᠠ᠂ ᠣᠯᠠᠨ ᠲᠠᠯᠠᠲᠤ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠬᠦ ᠲᠤᠬᠠᠶ ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠲ᠋ᠠᠵᠢᠻᠢᠰᠲ᠋ᠠᠨ ᠤᠯᠤᠰ ᠤᠨ ᠬᠠᠮᠲᠤᠷᠠᠭᠰᠠᠨ ᠮᠡᠳᠡᠭᠳᠡᠯ» ᠭᠠᠷᠭᠠᠨ᠎ᠠ᠃
ᠠᠢᠢᠯᠴᠢᠯᠠᠯ ᠤᠨ ᠬᠦᠷᠢᠶᠡᠨ ᠳᠥ ᠬᠣᠶᠠᠷ ᠤᠯᠤᠰ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠬᠦ ᠲᠡᠢ ᠬᠣᠯᠪᠤᠭ᠎ᠠ ᠲᠠᠢ ᠪᠠᠷᠢᠮᠲᠠ ᠪᠢᠴᠢᠭ᠌ ᠦᠳ ᠲᠥ ᠭᠠᠷ ᠤᠨ ᠦᠰᠦᠭ ᠵᠢᠷᠤᠬᠤ ᠪᠠᠷ ᠲᠥᠯᠦᠪᠯᠡᠵᠦ ᠪᠠᠢᠢᠨ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠮᠥᠨ ᠲᠤᠰ ᠤᠯᠤᠰ ᠤᠨ ᠮᠠᠵᠯᠢᠰᠢ ᠨᠠᠮᠣᠶᠠᠨ᠋ᠳᠠᠭᠣᠨ (ᠫᠠᠷᠯᠠᠮᠧᠨ᠋ᠲ ᠤᠨ ᠳᠣᠣᠷᠠᠳᠤ ᠲᠠᠩᠬᠢᠮ) ᠤ ᠳᠠᠷᠤᠭ᠎ᠠ ᠢᠢ ᠬᠦᠯᠢᠶᠡᠨ ᠠᠪᠴᠤ ᠠᠭᠤᠯᠵᠠᠵᠤ᠂ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠨ᠎ᠠ᠃
ᠠᠢᠢᠯᠴᠢᠯᠠᠯ ᠤᠨ ᠬᠦᠷᠢᠶᠡᠨ ᠳᠥ ᠬᠣᠶᠠᠷ ᠣᠷᠤᠨ ᠤ ᠲᠥᠷᠦ ᠢᠢᠨ ᠲᠡᠷᠢᠭᠦᠨ ᠨᠠᠷ ᠤᠨ ᠢᠪᠡᠭᠡᠯ ᠳᠣᠣᠷ᠎ᠠ ᠠᠩᠬᠠᠨ ᠤ ᠪᠢᠽᠢᠨᠧᠰ ᠹᠣᠷᠦᠢᠮ ᠪᠣᠯᠤᠨ ᠰᠣᠶᠤᠯ᠂ ᠤᠷᠠᠯᠢᠭ ᠤᠨ ᠲᠣᠭᠯᠠᠯᠲᠠ ᠪᠣᠯᠬᠤ ᠶᠤᠮ᠃
ᠬᠣᠶᠠᠷ ᠤᠯᠤᠰ 1992 ᠣᠨ ᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠪᠥᠭᠡᠳ ᠮᠠᠨ ᠤ ᠤᠯᠤᠰ ᠠᠴᠠ ᠠᠩᠬ᠎ᠠ ᠤᠳᠠᠭ᠎ᠠ ᠶᠡᠷᠦᠩᠬᠡᠢᠢᠯᠡᠭᠴᠢ ᠲᠥᠷᠦ ᠢᠢᠨ ᠠᠢᠢᠯᠴᠢᠯᠠᠯ ᠬᠢᠵᠦ ᠪᠠᠢᠢᠨ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠳ᠋ᠦᠱᠠᠨ᠋ᠪᠧ ᠬᠣᠲᠠᠨ᠎ᠠ ᠬᠦᠷᠦᠯᠴᠡᠨ ᠢᠷᠡᠭᠰᠡᠨ ᠳᠠᠷᠤᠶ ᠳᠤ ᠪᠠᠨ ᠲᠠᠵᠢᠻ ᠦᠨ ᠲᠡᠦᠬᠡ᠂ ᠰᠣᠶᠤᠯ ᠤᠨ ᠪᠡᠯᠭᠡ ᠲᠡᠮᠳᠡᠭ ᠪᠣᠯᠤᠭᠰᠠᠨ ᠢᠰᠮᠣᠢᠢᠯ ᠰᠣᠮᠣᠨᠢ ᠢᠢᠨ ᠬᠥᠰᠢᠶᠡᠨ ᠳᠥ ᠴᠡᠴᠡᠭ ᠡᠷᠭᠦᠵᠦ᠂ ᠬᠦᠨᠳᠦᠳᠬᠡᠯ ᠦᠵᠡᠭᠦᠯᠦᠯ᠎ᠡ᠃


ᠲᠠᠵᠢᠻ ᠤᠨ ᠲᠥᠷᠦᠲᠦ ᠶᠣᠰᠤᠨ ᠤ ᠲᠡᠦᠬᠡᠨ ᠳᠥ ᠲᠣᠳᠤ ᠮᠥᠷ ᠢᠶᠡᠨ ᠦᠯᠡᠳᠡᠭᠡᠭ᠍ᠰᠡᠨ ᠰᠠᠮᠠᠨᠢᠳ᠋ ᠤᠨ ᠠᠩᠬᠠᠨ ᠤ ᠡᠮᠢᠷ ᠢᠰᠮᠣᠢᠢᠯ ᠰᠣᠮᠣᠨᠢ ᠢᠢ ᠠᠷᠠᠳ ᠲᠦᠮᠡᠨ ᠨᠢ ᠮᠥᠩᠬᠡᠳᠡ ᠳᠡᠭᠡᠳᠦᠯᠡᠳᠡᠭ ᠪᠥᠭᠡᠳ 13 ᠮᠧᠲ᠋ᠷ ᠥᠨᠳᠦᠷ ᠬᠥᠰᠢᠶ᠎ᠡ ᠢᠢ ᠨᠢ ᠪᠦᠲᠦᠭᠡᠵᠦ᠂ IX-X ᠵᠠᠭᠤᠨ ᠳᠤ ᠪᠦᠾᠠᠷᠠ ᠳᠤ ᠪᠠᠷᠢᠭᠳᠠᠭᠰᠠᠨ ᠰᠠᠮᠠᠨᠢᠳ᠋ ᠤᠨ ᠪᠤᠩᠬᠤᠨ ᠤ ᠬᠠᠭᠤᠯᠪᠤᠷᠢ ᠪᠦᠬᠦᠢ ᠮᠦᠽᠧᠶ ᠪᠠᠢᠢᠭᠤᠯᠵᠠᠶ᠃
ᠬᠥᠰᠢᠶᠡᠨ ᠦ ᠬᠣᠶᠠᠷ ᠲᠠᠯ᠎ᠠ ᠳᠤ ᠪᠠᠢᠢᠷᠢᠯᠠᠬᠤ ᠬᠦᠷᠡᠯ ᠠᠷᠰᠯᠠᠨ ᠨᠤᠭᠤᠳ ᠨᠢ ᠤᠯᠤᠰ ᠤᠨ ᠲᠣᠭᠲᠠᠪᠤᠷᠢᠲᠠᠢ ᠪᠠᠢᠢᠳᠠᠯ᠂ ᠡᠩᠬᠡ ᠲᠠᠢᠢᠪᠤᠩ᠂ ᠦᠨᠳᠦᠰᠦᠨ ᠦ ᠡᠪ ᠨᠢᠭᠡᠳᠦᠯ ᠢ ᠢᠯᠡᠷᠬᠡᠢᠢᠯᠡᠳᠡᠭ᠃
ᠲ᠋ᠠᠵᠢᠻᠢᠰᠲ᠋ᠠᠨ ᠤᠯᠤᠰ ᠲᠤ ᠠᠢᠢᠯᠴᠢᠯᠠᠵᠤ ᠪᠠᠢᠢᠭ᠎ᠠ ᠲᠥᠷᠦ᠂ ᠵᠠᠰᠠᠭ ᠤᠨ ᠲᠡᠷᠢᠭᠦᠨ᠂ ᠬᠦᠨᠳᠦᠲᠦ ᠵᠣᠴᠢᠳ ᠲᠤᠰ ᠤᠯᠤᠰ ᠤᠨ ᠲᠥᠷᠦ ᠢᠢᠨ ᠶᠣᠰᠤᠯᠠᠯ ᠤᠨ ᠵᠢᠷᠤᠮ ᠤᠨ ᠳᠠᠭᠠᠭᠤ ᠬᠥᠰᠢᠶᠡᠨ ᠳᠥ ᠴᠡᠴᠡᠭ ᠡᠷᠭᠦᠵᠦ᠂ ᠬᠦᠨᠳᠦᠳᠬᠡᠯ ᠦᠵᠡᠭᠦᠯᠳᠡᠭ ᠶᠤᠮ᠃



