ᠪᠦᠭᠦᠳᠡ ᠨᠠᠢᠢᠷᠠᠮᠳᠠᠬᠤ ᠲ᠋ᠠᠵᠢᠻᠢᠰᠲ᠋ᠠᠨ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠤᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠲᠤᠰ ᠤᠯᠤᠰ ᠤᠨ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠪᠣᠯᠬᠤ ᠮᠠᠵᠯᠢᠰᠢ ᠣᠯᠢ ᠢᠢᠨ ᠳᠣᠣᠷᠠᠳᠤ ᠲᠠᠩᠬᠢᠮ – ᠮᠠᠵᠯᠢᠰᠢ ᠨᠠᠮᠣᠶᠠᠨ᠋ᠳᠣᠭᠣᠨ ᠤ ᠳᠠᠷᠤᠭ᠎ᠠ ᠢᠳᠢᠽᠣᠳᠠ ᠹᠠᠢᠢᠽᠠᠯᠢ ᠪᠠᠷᠠᠭᠠᠯᠬᠠᠪᠠ᠃
ᠶᠡᠷᠦᠩᠬᠡᠢᠢᠯᠡᠭᠴᠢ ᠤ·ᠬᠦᠷᠡᠯᠰᠦ᠋ᠬᠡ᠂ ᠮᠣᠩ᠋ᠭᠤᠯ ᠤᠯᠤᠰ ᠲ᠋ᠠᠵᠢᠻᠢᠰᠲ᠋ᠠᠨ ᠤᠯᠤᠰ ᠲᠠᠢ ᠬᠥᠭ᠍ᠵᠢᠭᠦᠯᠵᠦ ᠪᠤᠢ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠳᠤ ᠥᠨᠳᠦᠷ ᠠᠴᠢ ᠬᠣᠯᠪᠤᠭᠳᠠᠯ ᠥᠭᠳᠡᠭ ᠢ ᠲᠡᠮᠳᠡᠭᠯᠡᠯ᠎ᠡ᠃ ᠮᠥᠨ ᠲ᠋ᠠᠵᠢᠻᠢᠰᠲ᠋ᠠᠨ ᠤᠯᠤᠰ ᠢ ᠪᠦᠰᠡ ᠨᠤᠲᠤᠭ ᠳ᠋ᠠᠬᠢ ᠮᠠᠨ ᠤ ᠤᠯᠠᠮᠵᠢᠯᠠᠯᠲᠤ ᠨᠠᠢᠢᠷᠰᠠᠭ ᠬᠠᠷᠢᠯᠴᠠᠭ᠎ᠠ ᠲᠠᠢ ᠴᠢᠬᠤᠯᠠ ᠲᠦᠩᠰᠢ ᠣᠷᠤᠨ ᠬᠡᠮᠡᠨ ᠦᠵᠡᠳᠡᠭ ᠢᠶᠡᠨ ᠣᠨᠴᠠᠯᠠᠪᠠ᠃

ᠲᠥᠷᠦ ᠢᠢᠨ ᠠᠢᠢᠯᠴᠢᠯᠠᠯ ᠤᠨ ᠦᠶ᠎ᠡ ᠪᠡᠷ ᠡᠳ᠋ ᠦᠨ ᠵᠠᠰᠠᠭ᠂ ᠬᠥᠳᠡᠭᠡ ᠠᠵᠤ ᠠᠬᠤᠶ᠂ ᠠᠵᠤ ᠦᠢᠯᠡᠳᠪᠦᠷᠢ᠂ ᠴᠠᠬᠢᠮ ᠬᠥᠭ᠍ᠵᠢᠯ᠂ ᠰᠣᠶᠤᠯ᠂ ᠠᠶᠠᠯᠠᠯ ᠵᠢᠭᠤᠯᠴᠢᠯᠠᠯ ᠵᠡᠷᠭᠡ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ 10 ᠭᠠᠷᠤᠶ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠭᠰᠠᠨ ᠢ ᠬᠡᠯᠡᠯ᠎ᠡ᠃
ᠮᠥᠨ ᠶᠡᠷᠦᠩᠬᠡᠢᠢᠯᠡᠭᠴᠢ ᠡ᠊·ᠷᠠᠾᠮᠣᠨ ᠤ ᠬᠠᠮᠲᠤ ᠬᠠᠮᠲᠤ ᠢᠢᠨ ᠠᠵᠢᠯᠯᠠᠭᠠᠨ ᠤ ᠬᠡᠲᠦ ᠢᠢᠨ ᠲᠥᠯᠦᠪ ᠢ ᠲᠣᠳᠤᠷᠬᠠᠢᠢᠯᠠᠭᠰᠠᠨ ᠬᠠᠮᠲᠤᠷᠠᠭᠰᠠᠨ ᠮᠡᠳᠡᠭᠳᠡᠯ ᠭᠠᠷᠭᠠᠭᠰᠠᠨ ᠳᠤ ᠰᠡᠳᠬᠢᠯ ᠬᠠᠩ᠋ᠭᠠᠯᠤᠭᠤᠨ ᠪᠠᠢᠢᠭ᠎ᠠ ᠪᠠᠨ ᠢᠯᠡᠷᠬᠡᠢᠢᠯᠡᠪᠡ᠃
ᠳᠠᠷᠤᠭ᠎ᠠ ᠢᠳᠢᠽᠣᠳᠠ ᠹᠠᠢᠢᠽᠠᠯᠢ ᠂ ᠶᠡᠷᠦᠩᠬᠡᠢᠢᠯᠡᠭᠴᠢ ᠢᠢᠨ ᠲ᠋ᠠᠵᠢᠻᠢᠰᠲ᠋ᠠᠨ ᠤᠯᠤᠰ ᠲᠤ ᠬᠢᠵᠦ ᠪᠤᠢ ᠲᠥᠷᠦ ᠢᠢᠨ ᠠᠩᠬᠠᠨ ᠤ ᠠᠢᠢᠯᠴᠢᠯᠠᠯ ᠳᠤ ᠲ᠋ᠠᠵᠢᠻᠢᠰᠲ᠋ᠠᠨ ᠤ ᠲᠥᠷᠦ᠂ ᠵᠠᠰᠠᠭ᠂ ᠫᠠᠷᠯᠠᠮᠧᠨ᠋ᠲ ᠥᠨᠳᠦᠷ ᠠᠴᠢ ᠬᠣᠯᠪᠤᠭᠳᠠᠯ ᠥᠭᠴᠦ ᠪᠤᠢ ᠢᠢ ᠲᠡᠮᠳᠡᠭᠯᠡᠵᠦ᠂ ᠠᠷᠠᠳ ᠲᠦᠮᠡᠨ ᠦ ᠨᠠᠢᠢᠷᠠᠮᠳᠠᠯ᠂ ᠨᠥᠬᠦᠷᠯᠡᠯ ᠢ ᠭᠦᠨᠵᠡᠭᠡᠢᠢᠷᠡᠭᠦᠯᠬᠦ ᠳᠥ ᠣᠨᠴᠤᠭᠤᠶ ᠠᠩᠬᠠᠷᠴᠤ ᠠᠵᠢᠯᠯᠠᠬᠤ ᠪᠠᠨ ᠲᠡᠮᠳᠡᠭᠯᠡᠯ᠎ᠡ᠃

ᠲᠡᠷᠡ ᠪᠡᠷ᠂ ᠡᠨᠡ ᠣᠨ ᠳᠤ ᠲ᠋ᠠᠵᠢᠻᠢᠰᠲ᠋ᠠᠨ-ᠮᠣᠩ᠋ᠭᠤᠯ ᠤᠨ ᠫᠠᠷᠯᠠᠮᠧᠨ᠋ᠲ ᠤᠨ ᠨᠠᠢᠢᠷᠠᠮᠳᠠᠯ ᠤᠨ ᠪᠦᠯᠦᠭ ᠢ ᠫᠠᠷᠯᠠᠮᠧᠨ᠋ᠲ ᠤᠨ ᠳᠣᠣᠷᠠᠳᠤ ᠲᠠᠩᠬᠢᠮ ᠳᠤ ᠪᠠᠢᠢᠭᠤᠯᠤᠭᠰᠠᠨ ᠨᠢ ᠬᠠᠤᠯᠢ ᠲᠣᠭᠲᠠᠭᠠᠭᠴᠢᠳ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠲᠣᠭᠲᠠᠮᠠᠯᠵᠢᠭᠤᠯᠬᠤ ᠳᠤ ᠴᠢᠬᠤᠯᠠ ᠬᠤᠪᠢ ᠨᠡᠮᠡᠷᠢ ᠲᠡᠢ ᠭᠡᠵᠦ ᠦᠵᠡᠳᠡᠭ ᠢᠶᠡᠨ ᠬᠡᠯᠡᠪᠡ᠃
ᠲ᠋ᠠᠵᠢᠻᠢᠰᠲ᠋ᠠᠨ ᠤᠯᠤᠰ ᠤᠨ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠪᠣᠯᠬᠤ ᠮᠠᠵᠯᠢᠰᠢ ᠣᠯᠢ ᠨᠢ ᠬᠣᠶᠠᠷ ᠲᠠᠩᠬᠢᠮ ᠲᠠᠢ᠂ 5 ᠵᠢᠯ ᠦᠨ ᠪᠦᠷᠢᠨ ᠡᠷᠬᠡ ᠪᠦᠬᠦᠢ 96 ᠭᠡᠰᠢᠭᠦᠨ ᠲᠡᠢ᠃
ᠳᠡᠭᠡᠳᠦ ᠲᠠᠩᠬᠢᠮ (ᠮᠠᠵᠯᠢᠰᠢ ᠮᠢᠯᠯᠢ) ᠨᠢ 33 ᠭᠡᠰᠢᠭᠦᠨ ᠲᠡᠢ᠂ ᠳᠣᠣᠷᠠᠳᠤ ᠲᠠᠩᠬᠢᠮ (ᠮᠠᠵᠯᠢᠰᠢ ᠨᠠᠮᠣᠶᠠᠨ᠋ᠳᠣᠭᠣᠨ) ᠨᠢ 63 ᠭᠡᠰᠢᠭᠦᠨ ᠲᠡᠢ ᠶᠤᠮ᠃


