ᠪᠦᠭᠦᠳᠡ ᠨᠠᠢᠢᠷᠠᠮᠳᠠᠬᠤ ᠲ᠋ᠠᠵᠢᠻᠢᠰᠲ᠋ᠠᠨ ᠤᠯᠤᠰ ᠤᠨ ᠶᠡᠷᠦᠩᠬᠡᠢᠢᠯᠡᠭᠴᠢ ᠡ᠊·ᠷᠠᠾᠮᠣᠨ ᠤ ᠤᠷᠢᠯᠭ᠎ᠠ ᠪᠠᠷ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠲᠤᠰ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠦᠷᠭᠦᠯᠵᠢᠯᠡᠵᠦ ᠪᠠᠢᠢᠨ᠎ᠠ᠃
ᠲᠥᠷᠦ ᠢᠢᠨ ᠠᠢᠢᠯᠴᠢᠯᠠᠯ ᠤᠨ ᠬᠦᠷᠢᠶᠡᠨ ᠳᠥ ᠳ᠋ᠦᠱᠠᠨ᠋ᠪᠧ ᠬᠣᠲᠠᠨ᠎ᠠ ᠠᠩᠬ᠎ᠠ ᠤᠳᠠᠭ᠎ᠠ «ᠲ᠋ᠠᠵᠢᠻᠢᠰᠲ᠋ᠠᠨ-ᠮᠣᠩ᠋ᠭᠤᠯ ᠤᠨ ᠪᠢᠽᠢᠨᠧᠰ ᠹᠣᠷᠦᠢᠮ» ᠵᠣᠬᠢᠶᠠᠨ ᠪᠠᠢᠢᠭᠤᠯᠤᠯ᠎ᠠ᠃

ᠮᠣᠩ᠋ᠭᠤᠯ ᠤᠯᠤᠰ ᠤᠨ ᠰᠢᠳᠠᠷ ᠰᠠᠢᠢᠳ ᠰᠠᠢᠢ᠊·ᠠᠮᠤᠷᠰᠠᠢᠢᠬᠠᠨ᠂ ᠪᠦᠭᠦᠳᠡ ᠨᠠᠢᠢᠷᠠᠮᠳᠠᠬᠤ ᠲ᠋ᠠᠵᠢᠻᠢᠰᠲ᠋ᠠᠨ ᠤᠯᠤᠰ ᠤᠨ ᠲᠡᠷᠢᠭᠦᠨ ᠰᠢᠳᠠᠷ ᠰᠠᠢᠢᠳ ᠾᠣᠻᠢᠮ ᠾᠣᠯᠢᠻᠽᠣᠳᠠ ᠨᠠᠷ ᠹᠣᠷᠦᠢᠮ ᠢ ᠨᠡᠭᠡᠭᠡᠯ᠎ᠡ᠃
ᠹᠣᠷᠦᠢᠮ ᠢᠶᠠᠷ ᠬᠤᠳᠠᠯᠳᠤᠭᠠᠨ ᠤ ᠡᠷᠭᠢᠯᠲᠡ ᠢᠢ ᠡᠷᠡᠰ ᠨᠡᠮᠡᠭᠳᠡᠭᠦᠯᠬᠦ᠂ ᠤᠴᠠᠷᠠᠵᠤ ᠪᠤᠢ ᠰᠠᠭᠠᠳ ᠪᠡᠷᠬᠡᠰᠢᠶᠡᠯ ᠢ ᠠᠷᠢᠯᠭᠠᠬᠤ᠂ ᠬᠠᠮᠲᠤᠷᠠᠭᠰᠠᠨ ᠲᠥᠰᠦᠯ᠂ ᠬᠥᠲᠦᠯᠪᠦᠷᠢ ᠬᠡᠷᠡᠭᠵᠢᠭᠦᠯᠬᠦ᠂ ᠠᠦ᠋ᠲ᠋ᠣ᠋ ᠪᠣᠯᠤᠨ ᠠᠭᠠᠷ ᠤᠨ ᠲᠡᠭᠡᠭᠡᠪᠦᠷᠢ ᠢᠢᠨ ᠴᠢᠭᠯᠡᠯ ᠪᠤᠢ ᠪᠣᠯᠭᠠᠬᠤ ᠵᠡᠷᠭᠡ ᠢᠢ ᠬᠡᠯᠡᠯᠴᠡᠯ᠎ᠡ᠃


ᠮᠥᠨ ᠶᠡᠷᠦᠩᠬᠡᠢᠢᠯᠡᠭᠴᠢ ᠢᠢᠨ ᠰᠠᠨᠠᠭᠠᠴᠢᠯᠠᠨ ᠬᠡᠷᠡᠭᠵᠢᠭᠦᠯᠵᠦ ᠪᠠᠢᠢᠭ᠎ᠠ «ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ»᠂ «ᠲᠡᠷᠪᠤᠮ ᠮᠣᠳᠤ»᠂ «ᠴᠠᠭᠠᠨ ᠠᠯᠲᠠ» ᠦᠨᠳᠦᠰᠦᠨ ᠦ ᠬᠥᠳᠡᠯᠭᠡᠭᠡᠨ ᠢ ᠲᠠᠨᠢᠯᠴᠠᠭᠤᠯᠵᠤ᠂ ᠡᠳ᠋ ᠦᠨ ᠵᠠᠰᠠᠭ ᠤᠨ ᠪᠠᠢᠢᠳᠠᠯ᠂ ᠬᠥᠷᠦᠩ᠋ᠭᠡ ᠣᠷᠤᠭᠤᠯᠤᠯᠲᠠ ᠢᠢᠨ ᠣᠷᠴᠢᠨ ᠤ ᠲᠠᠯ᠎ᠠ ᠪᠠᠷ ᠮᠡᠳᠡᠭᠡᠯᠡᠯ ᠰᠣᠯᠢᠯᠴᠠᠯ᠎ᠠ᠃
ᠬᠤᠳᠠᠯᠳᠤᠭ᠎ᠠ᠂ ᠠᠵᠤ ᠦᠢᠯᠡᠳᠪᠦᠷᠢ ᠢᠢᠨ ᠲᠠᠩᠬᠢᠮ ᠤᠳ ᠬᠠᠮᠲᠤᠷᠠᠨ ᠠᠵᠢᠯᠯᠠᠬᠤ ᠪᠠᠷ ᠪᠣᠯᠤᠭᠰᠠᠨ ᠪᠣᠯ ᠬᠣᠶᠠᠷ ᠣᠷᠤᠨ ᠤ 150 ᠭᠠᠷᠤᠶ ᠪᠢᠽᠢᠨᠧᠰ ᠡᠷᠬᠢᠯᠡᠭᠴᠢ᠂ ᠪᠠᠶᠠᠯᠢᠭ ᠪᠦᠲᠦᠭᠡᠭ᠍ᠴᠢ ᠬᠥᠷᠦᠩ᠋ᠭᠡ ᠣᠷᠤᠭᠤᠯᠤᠯᠲᠠ᠂ ᠬᠤᠳᠠᠯᠳᠤᠭ᠎ᠠ᠂ ᠬᠦᠨᠡᠰᠦ᠂ ᠬᠥᠳᠡᠭᠡ ᠠᠵᠤ ᠠᠬᠤᠶ ᠵᠡᠷᠭᠡ ᠰᠠᠯᠪᠤᠷᠢ ᠳᠤ ᠬᠠᠷᠢᠯᠴᠠᠨ ᠠᠰᠢᠭ ᠲᠠᠢ ᠬᠠᠮᠲᠤᠷᠠᠬᠤ ᠪᠣᠯᠤᠮᠵᠢ ᠡᠷᠢᠯᠬᠢᠯᠡᠨ᠂ ᠬᠠᠮᠲᠤ ᠢᠢᠨ ᠠᠵᠢᠯᠯᠠᠭᠠᠨ ᠤ ᠪᠠᠨ ᠡᠬᠢᠯᠡᠯ ᠢ ᠲᠠᠯᠪᠢᠯ᠎ᠠ᠃


ᠮᠠᠨ ᠤ ᠤᠯᠤᠰ ᠲ᠋ᠠᠵᠢᠻᠢᠰᠲ᠋ᠠᠨ ᠳᠤ ᠲᠣᠳᠤᠷᠬᠠᠶ ᠬᠡᠮᠵᠢᠶ᠎ᠡ ᠪᠡᠷ ᠨᠣᠣᠰᠤ᠂ ᠨᠣᠯᠤᠤᠷ᠂ ᠠᠷᠠᠰᠤ ᠰᠢᠷᠢ᠂ ᠰᠠᠪᠢᠬᠢᠨ ᠡᠳ᠋ᠯᠡᠯ᠂ ᠮᠢᠬ᠎ᠠ᠂ ᠮᠢᠬᠠᠨ ᠪᠦᠲᠦᠭᠡᠭ᠍ᠳᠡᠬᠦᠨ ᠨᠡᠢᠢᠯᠡᠭᠦᠯᠵᠦ᠂ ᠵᠢᠮᠢᠰ᠂ ᠵᠢᠮᠢᠰᠬᠡᠨ᠎ᠡ᠂ ᠨᠠᠷᠢᠨ ᠨᠣᠭᠤᠭ᠎ᠠ᠂ ᠬᠥᠪᠦᠩ᠂ ᠬᠥᠪᠦᠩ ᠳᠠᠪᠤᠤ ᠵᠡᠷᠭᠡ ᠢᠢ ᠠᠪᠳᠠᠭ ᠶᠤᠮ᠃
