ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠲ᠋ᠠᠵᠢᠻᠢᠰᠲ᠋ᠠᠨ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠤᠨ ᠢᠶᠠᠨ ᠬᠦᠷᠢᠶᠡᠨ ᠳᠥ ᠲᠤᠰ ᠤᠯᠤᠰ ᠤᠨ ᠰᠢᠳᠠᠷ ᠰᠠᠢᠢᠳ ᠦᠰᠮᠣᠨᠠᠯᠢ ᠦᠰᠮᠣᠨ᠋ᠽᠣᠳᠠ ᠢᠢᠨ ᠬᠠᠮᠲᠤ ᠷᠣᠭᠦ᠋ᠨ ᠤ ᠤᠰᠤᠨ ᠴᠠᠬᠢᠯᠭᠠᠨ ᠰᠲ᠋ᠠᠨ᠋ᠼᠢ ᠢᠢᠨ ᠪᠦᠲᠦᠭᠡᠨ ᠪᠠᠢᠢᠭᠤᠯᠤᠯᠲᠠ ᠲᠠᠢ ᠲᠠᠨᠢᠯᠴᠠᠯ᠎ᠠ᠃
ᠷᠣᠭᠦ᠋ᠨ ᠤ ᠤᠰᠤᠨ ᠴᠠᠬᠢᠯᠭᠠᠨ ᠰᠲ᠋ᠠᠨ᠋ᠼᠢ ᠨᠢ ᠲ᠋ᠠᠵᠢᠻᠢᠰᠲ᠋ᠠᠨ ᠤ ᠨᠡᠢᠢᠰᠯᠡᠯ ᠳ᠋ᠦᠱᠠᠨ᠋ᠪᠧ ᠬᠣᠲᠠ ᠢᠢᠨ ᠵᠡᠭᠦᠨ ᠤᠷᠳᠤ ᠪᠠᠢᠢᠷᠢᠯᠠᠬᠤ ᠸᠠᠾᠱ ᠮᠥᠷᠡᠨ ᠦ ᠳᠡᠭᠡᠳᠦ ᠤᠷᠤᠰᠬᠠᠯ ᠳᠤ ᠪᠠᠷᠢᠭᠳᠠᠵᠤ ᠪᠤᠢ ᠪᠥᠭᠡᠳ ᠳᠡᠯᠡᠬᠡᠶ ᠢᠢᠨ ᠬᠠᠮᠤᠭ ᠤᠨ ᠥᠨᠳᠦᠷ ᠪᠤᠶᠤ 335 ᠮᠧᠲ᠋ᠷ ᠦᠨ ᠥᠨᠳᠦᠷ ᠳᠠᠯᠠᠩ ᠲᠠᠢ᠃


ᠲᠤᠰ ᠰᠲ᠋ᠠᠨ᠋ᠼᠢ ᠪᠦᠷᠢᠨ ᠬᠦᠴᠦᠨ ᠴᠢᠳᠠᠯ ᠢᠶᠠᠷ ᠢᠶᠠᠨ ᠠᠰᠢᠭᠯᠠᠯᠲᠠ ᠳᠤ ᠣᠷᠤᠭᠰᠠᠨ ᠢᠶᠠᠷ ᠵᠢᠯ ᠳᠥ 17 ᠲᠡᠷᠪᠤᠮ ᠻᠢᠯᠣᠸᠠᠲ᠋ᠲ·ᠴᠠᠭ (ᠻᠸᠲ᠋·ᠴᠠ᠊) ᠴᠠᠬᠢᠯᠭᠠᠨ ᠡᠷᠴᠢᠮ ᠬᠦᠴᠦ ᠦᠢᠯᠡᠳᠪᠦᠷᠢᠯᠡᠬᠦ ᠪᠣᠯᠤᠮᠵᠢ ᠲᠠᠢ ᠪᠥᠭᠡᠳ ᠵᠥᠪᠬᠡᠨ ᠳᠣᠲᠤᠭᠠᠳᠤ ᠢᠢᠨ ᠬᠡᠷᠡᠭᠴᠡᠭᠡ ᠢᠢ ᠬᠠᠩ᠋ᠭᠠᠭᠠᠳ ᠵᠣᠭᠰᠤᠬᠤ ᠦᠭᠡᠢ ᠪᠦᠰᠡ ᠨᠤᠲᠤᠭ ᠤᠨ ᠪᠤᠰᠤᠳ ᠤᠯᠤᠰ ᠲᠤ ᠡᠷᠴᠢᠮ ᠬᠦᠴᠦ ᠡᠻᠰᠫᠣᠷᠲ᠋ᠯᠠᠬᠤ ᠴᠢᠳᠠᠪᠬᠢ ᠲᠠᠢ ᠪᠣᠯᠤᠨ᠎ᠠ ᠭᠡᠳᠡᠭ ᠢᠶᠡᠷ ᠢᠶᠡᠨ ᠣᠨᠴᠠᠯᠢᠭ ᠲᠠᠢ ᠶᠤᠮ᠃
ᠤᠭ ᠰᠲ᠋ᠠᠨ᠋ᠼᠢ ᠢᠢᠨ ᠠᠩᠬᠠᠨ ᠤ ᠲᠦᠷᠪᠢᠨ᠋ 2018 ᠣᠨ ᠳᠤ᠂ ᠬᠣᠶᠠᠷ ᠳ᠋ᠠᠬᠢ ᠨᠢ 2021 ᠣᠨ ᠳᠤ ᠠᠰᠢᠭᠯᠠᠯᠲᠠ ᠳᠤ ᠣᠷᠤᠭᠰᠠᠨ ᠪᠥᠭᠡᠳ 2029 ᠣᠨ ᠭᠡᠬᠦ ᠳᠥ ᠪᠦᠬᠦ ᠵᠢᠷᠭᠤᠭᠠᠨ ᠲᠦᠷᠪᠢᠨ᠋ ᠪᠦᠷᠢᠨ ᠬᠦᠴᠦᠨ ᠴᠢᠳᠠᠯ ᠢᠶᠠᠷ ᠠᠵᠢᠯᠯᠠᠵᠤ ᠡᠬᠢᠯᠡᠭᠰᠡᠨ ᠢᠶᠡᠷ ᠨᠡᠢᠢᠲᠡ 3600 ᠮᠸᠲ ᠤᠨ ᠬᠦᠴᠦᠨ ᠴᠢᠳᠠᠯ ᠲᠠᠢ ᠪᠣᠯᠬᠤ ᠪᠥᠭᠡᠳ ᠲᠥᠪ ᠠᠽᠢ ᠢᠢᠨ ᠬᠠᠮᠤᠭ ᠤᠨ ᠲᠣᠮᠤ ᠤᠰᠤᠨ ᠴᠠᠬᠢᠯᠭᠠᠨ ᠰᠲ᠋ᠠᠨ᠋ᠼᠢ ᠪᠣᠯᠤᠨ᠎ᠠ ᠭᠡᠵᠦ ᠲᠣᠭᠠᠴᠠᠵᠤ ᠪᠠᠢᠢᠨ᠎ᠠ᠃
ᠷᠣᠭᠦ᠋ᠨ ᠤ ᠤᠰᠤᠨ ᠴᠠᠬᠢᠯᠭᠠᠨ ᠰᠲ᠋ᠠᠨ᠋ᠼᠢ ᠨᠢ ᠲ᠋ᠠᠵᠢᠻᠢᠰᠲ᠋ᠠᠨ ᠤᠯᠤᠰ ᠤᠨ ᠲᠣᠮᠣᠬᠠᠨ ᠪᠦᠲᠦᠭᠡᠨ ᠪᠠᠢᠢᠭᠤᠯᠤᠯᠲᠠ ᠲᠡᠳᠦᠶ ᠦᠭᠡᠢ ᠪᠦᠰᠡ ᠨᠤᠲᠤᠭ ᠤᠨ ᠡᠷᠴᠢᠮ ᠬᠦᠴᠦᠨ ᠦ ᠠᠶᠤᠯ ᠦᠭᠡᠢ ᠪᠠᠢᠢᠳᠠᠯ᠂ ᠲᠣᠭᠲᠠᠪᠤᠷᠢᠲᠠᠢ ᠬᠥᠭ᠍ᠵᠢᠯ ᠢ ᠬᠠᠩ᠋ᠭᠠᠬᠤ ᠳᠤ ᠣᠨᠴᠤᠭᠤᠶ ᠠᠴᠢ ᠬᠣᠯᠪᠤᠭᠳᠠᠯ ᠪᠦᠬᠦᠢ ᠰᠲ᠋ᠷᠠᠲ᠋ᠧᠭᠢ ᠢᠢᠨ ᠮᠧᠭ᠎ᠠ ᠲᠥᠰᠦᠯ ᠬᠡᠮᠡᠨ ᠦᠨᠡᠯᠡᠭᠳᠡᠵᠦ ᠪᠠᠢᠢᠭ᠎ᠠ ᠶᠤᠮ᠃




