ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠤᠪᠰᠤ ᠠᠢᠢᠮᠠᠭ ᠡᠭᠦᠰᠦᠨ ᠪᠠᠢᠢᠭᠤᠯᠤᠭᠳᠠᠭᠰᠠᠨ ᠤ ᠲᠡᠦᠬᠡᠲᠦ 100 ᠵᠢᠯ ᠦᠨ ᠣᠢ ᠳᠤ ᠣᠷᠤᠯᠴᠠᠬᠤ ᠦᠶ᠎ᠡ ᠪᠡᠷ ᠢᠶᠡᠨ ᠲᠥᠷᠦ᠂ ᠨᠡᠢᠢᠭᠡᠮ ᠦᠨ ᠨᠡᠷᠡᠲᠦ ᠵᠢᠳᠬᠦᠯᠲᠡᠨ᠂ ᠮᠠᠷᠱᠠᠯ ᠶᠦᠮᠵᠠ ᠢᠢᠨ ᠴᠡᠳᠡᠨᠪᠠᠯ ᠤᠨ ᠬᠥᠰᠢᠶᠡᠨ ᠳᠥ ᠴᠡᠴᠡᠭ ᠡᠷᠭᠦᠵᠦ᠂ ᠬᠦᠨᠳᠦᠳᠬᠡᠯ ᠦᠵᠡᠭᠦᠯᠦᠯ᠎ᠡ᠃
ᠤᠯᠤᠰ ᠤᠨ ᠪᠣᠯᠤᠨ ᠬᠥᠳᠡᠯᠮᠦᠷᠢ ᠢᠢᠨ ᠪᠠᠭᠠᠲᠤᠷ ᠶᠦ᠊·ᠴᠡᠳᠡᠨᠪᠠᠯ ᠠᠭᠰᠠᠨ ᠲᠥᠷᠦ ᠢᠢᠨ ᠲᠡᠷᠢᠭᠦᠨ᠂ ᠠ᠊᠂ ᠶᠡ᠊᠂ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ᠂ ᠰᠠᠢᠢᠳ ᠨᠠᠷ ᠤᠨ ᠵᠥᠪᠯᠡᠯ ᠦᠨ ᠳᠠᠷᠤᠭ᠎ᠠ᠂ ᠮᠣ᠊᠂ ᠠ᠊᠂ ᠬᠤ᠊᠂ ᠨᠠ᠊᠂ ᠲᠥ᠊᠂ ᠬᠣᠷᠢᠶᠠᠨ ᠤ ᠶᠡᠷᠦᠩᠬᠡᠶ ᠨᠠᠷᠢᠨ ᠪᠢᠴᠢᠭ᠌ ᠦᠨ ᠳᠠᠷᠤᠭ᠎ᠠ ᠪᠠᠷ ᠠᠵᠢᠯᠯᠠᠵᠤ᠂ ᠨᠠᠮ᠂ ᠲᠥᠷᠦ ᠢᠢ 44 ᠵᠢᠯ ᠲᠠᠰᠤᠷᠠᠯᠲᠠ ᠦᠭᠡᠢ ᠤᠳᠤᠷᠢᠳᠬᠤ ᠳᠤ ᠪᠠᠨ ᠤᠯᠤᠰ ᠤᠨ ᠢᠶᠠᠨ ᠲᠤᠰᠠᠭᠠᠷ ᠲᠣᠭᠲᠠᠨᠢᠯ᠂ ᠬᠥᠭ᠍ᠵᠢᠯ ᠳᠡᠪᠰᠢᠯ ᠦᠨ XX ᠵᠠᠭᠤᠨ ᠤ ᠲᠡᠦᠬᠡ ᠢᠢ ᠮᠠᠩᠯᠠᠢᠢᠯᠠᠨ ᠪᠦᠲᠦᠭᠡᠯᠴᠡᠭᠰᠡᠨ ᠭᠠᠪᠢᠶ᠎ᠠ ᠲᠠᠢ ᠪᠢᠯᠡ᠃
ᠲᠡᠭᠦᠨ ᠦ ᠡᠷᠬᠡ ᠪᠠᠷᠢᠭᠰᠠᠨ ᠵᠢᠯ ᠦᠳ ᠲᠥ ᠮᠠᠨ ᠤ ᠤᠯᠤᠰ ᠨᠢ᠊᠂ ᠦ᠊᠂ ᠪᠠᠢᠢᠭᠤᠯᠤᠯᠭ᠎ᠠ ᠢᠢᠨ ᠪᠦᠷᠢᠨ ᠡᠷᠬᠡᠲᠦ ᠭᠡᠰᠢᠭᠦᠨ ᠪᠣᠯᠵᠤ᠂ 130 ᠭᠠᠷᠤᠶ ᠤᠯᠤᠰ ᠲᠠᠢ ᠳ᠋ᠢᠫᠯᠣᠮᠠᠲ᠂ 60 ᠭᠠᠷᠤᠶ ᠤᠯᠤᠰ ᠲᠠᠢ ᠰᠣᠶᠤᠯ ᠤᠨ ᠬᠠᠷᠢᠯᠴᠠᠭ᠎ᠠ ᠲᠣᠭᠲᠠᠭᠠᠭᠰᠠᠨ ᠲᠡᠦᠬᠡ ᠲᠡᠢ᠃
ᠲᠡᠷᠡ ᠪᠡᠷ᠂ ᠠᠵᠤ ᠦᠢᠯᠡᠳᠪᠦᠷᠢ᠂ ᠪᠣᠯᠪᠠᠰᠤᠷᠠᠯ᠂ ᠰᠢᠨᠵᠢᠯᠡᠬᠦ ᠤᠬᠠᠭᠠᠨ᠂ ᠡᠷᠡᠭᠦᠯ ᠮᠡᠨᠳᠦ᠂ ᠪᠠᠲᠤᠯᠠᠨ ᠬᠠᠮᠠᠭᠠᠯᠠᠬᠤ᠂ ᠲᠡᠭᠡᠭᠡᠪᠦᠷᠢ᠂ ᠬᠥᠳᠡᠭᠡ ᠠᠵᠤ ᠠᠬᠤᠶ᠂ ᠮᠠᠯ ᠠᠵᠤ ᠠᠬᠤᠶ᠂ ᠭᠠᠵᠠᠷ ᠲᠠᠷᠢᠶᠠᠯᠠᠩ᠂ ᠰᠣᠶᠤᠯ᠂ ᠤᠷᠠᠯᠢᠭ᠂ ᠰᠫᠣᠷᠲ ᠭᠡᠳ ᠪᠦᠬᠦ ᠰᠠᠯᠪᠤᠷᠢ ᠢᠢ ᠬᠥᠭ᠍ᠵᠢᠭᠦᠯᠬᠦ ᠳᠥ ᠣᠨᠴᠤᠭᠤᠶ ᠠᠩᠬᠠᠷᠴᠤ ᠪᠠᠢᠢᠯ᠎ᠠ᠃





