ᠡᠨᠡ ᠡᠳᠦᠷ ᠦᠳ ᠲᠥ ᠤᠪᠰᠤ ᠠᠢᠢᠮᠠᠭ ᠡᠭᠦᠰᠦᠨ ᠪᠠᠢᠢᠭᠤᠯᠤᠭᠳᠠᠭᠰᠠᠨ ᠤ ᠲᠡᠦᠬᠡᠲᠦ 100 ᠵᠢᠯ ᠦᠨ ᠣᠢ ᠲᠣᠬᠢᠶᠠᠵᠤ ᠪᠠᠢᠢᠨ᠎ᠠ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠢ ᠢᠢᠨ ᠪᠠᠶᠠᠷ ᠤᠨ ᠬᠤᠷᠠᠯ ᠳᠤ ᠣᠷᠤᠯᠴᠠᠨ᠂ ᠠᠷᠠᠳ ᠢᠷᠭᠡᠳ ᠲᠥ ᠲᠤᠯᠭᠤᠷ ᠲᠥᠷᠦ ᠪᠠᠢᠢᠭᠤᠯᠤᠭᠳᠠᠭᠰᠠᠨ ᠤ 2.234᠂ ᠶᠡᠬᠡ ᠮᠣᠩ᠋ᠭᠤᠯ ᠤᠯᠤᠰ ᠪᠠᠢᠢᠭᠤᠯᠤᠭᠳᠠᠭᠰᠠᠨ ᠤ 819᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 114᠂ ᠠᠷᠠᠳ ᠤᠨ ᠬᠤᠪᠢᠰᠬᠠᠯ ᠤᠨ 104᠂ ᠠᠷᠠᠳᠴᠢᠯᠠᠭᠰᠠᠨ ᠬᠤᠪᠢᠰᠬᠠᠯ ᠤᠨ 35᠂ ᠤᠪᠰᠤ ᠠᠢᠢᠮᠠᠭ ᠡᠭᠦᠰᠦᠨ ᠪᠠᠢᠢᠭᠤᠯᠤᠭᠳᠠᠭᠰᠠᠨ ᠤ 100 ᠵᠢᠯ ᠦᠨ ᠣᠢ ᠢᠢᠨ ᠪᠠᠶᠠᠷ ᠤᠨ ᠮᠡᠨᠳᠦ ᠬᠦᠷᠭᠡᠯ᠎ᠡ᠃
ᠲᠡᠷᠡ ᠪᠡᠷ᠂ ᠣᠷᠤᠨ ᠨᠤᠲᠤᠭ ᠪᠣᠯᠤᠨ ᠤᠯᠤᠰ ᠡᠬᠡ ᠣᠷᠤᠨ ᠤ ᠪᠠᠨ ᠬᠥᠭ᠍ᠵᠢᠯ ᠳᠡᠪᠰᠢᠯ ᠳᠥ ᠣᠷᠤᠭᠤᠯᠤᠭᠰᠠᠨ ᠦᠨ᠎ᠡ ᠲᠡᠢ ᠬᠤᠪᠢ ᠨᠡᠮᠡᠷᠢ᠂ ᠢᠷᠭᠡᠳ ᠦᠨ ᠬᠥᠳᠡᠯᠮᠦᠷᠢ ᠵᠢᠳᠬᠦᠯ᠂ ᠪᠦᠲᠦᠭᠡᠯᠴᠢ ᠦᠢᠯᠡᠰ᠂ ᠭᠠᠪᠢᠶ᠎ᠠ ᠢᠢ ᠦᠨᠡᠯᠡᠨ ᠤᠪᠰᠤ ᠠᠢᠢᠮᠠᠭ ᠢ ᠰᠦᠬᠡᠪᠠᠭᠠᠲᠤᠷ ᠤᠨ ᠣᠳᠣᠨ ᠢᠢᠠᠷ ᠱᠠᠩᠨᠠᠯ᠎ᠠ᠃
ᠶᠡᠷᠦᠩᠬᠡᠢᠢᠯᠡᠭᠴᠢ᠂ ᠤᠪᠰᠤ ᠠᠢᠢᠮᠠᠭ ᠢᠶᠠᠷ ᠣᠪᠤᠭᠯᠠᠭᠰᠠᠨ ᠬᠦᠮᠦᠨ ᠪᠦᠷᠢ ᠣᠷᠤᠨ ᠨᠤᠲᠤᠭ ᠤᠨ ᠢᠶᠠᠨ ᠬᠥᠭ᠍ᠵᠢᠯ ᠳᠡᠪᠰᠢᠯ ᠦᠨ ᠲᠥᠯᠦᠭᠡ ᠰᠡᠳᠬᠢᠯ ᠵᠢᠷᠦᠬᠡ ᠪᠡᠨ ᠨᠢᠭᠡᠳᠬᠡᠨ ᠵᠢᠳᠬᠦᠵᠦ᠂ ᠠᠮᠵᠢᠯᠲᠠ ᠪᠦᠲᠦᠭᠡᠯ ᠢᠶᠡᠨ ᠪᠠᠲᠤᠳᠬᠠᠨ᠂ ᠠᠯᠳᠠᠷ ᠴᠣᠯᠠ ᠪᠠᠨ ᠪᠠᠳᠠᠷᠠᠭᠠᠵᠤ ᠶᠠᠪᠤᠬᠤ ᠢᠢᠨ ᠢᠷᠦᠭᠡᠯ ᠢ ᠡᠷᠭᠦᠨ ᠳᠡᠪᠰᠢᠭᠦᠯᠦᠯ᠎ᠡ᠃
1925 ᠣᠨ ᠳᠤ ᠳᠥᠷᠪᠡᠳ ᠦᠨ ᠵᠡᠭᠦᠨ᠂ ᠪᠠᠷᠠᠭᠤᠨ ᠬᠣᠶᠠᠷ ᠠᠢᠢᠮᠠᠭ ᠢ ᠨᠢᠭᠡᠳᠬᠡᠨ «ᠳᠥᠷᠪᠡᠳ ᠳᠠᠯᠠᠢ ᠬᠠᠨ ᠠᠢᠢᠮᠠᠭ» ᠨᠡᠷ᠎ᠡ ᠢᠢ ᠬᠠᠯᠠᠵᠤ «ᠴᠢᠨᠳᠠᠮᠠᠨᠢ ᠠᠭᠤᠯᠠ ᠢᠢᠨ ᠠᠢᠢᠮᠠᠭ» ᠨᠡᠷ᠎ᠡ ᠲᠡᠢ ᠪᠡᠷ ᠣᠳᠤ ᠢᠢᠨ ᠤᠪᠰᠤ ᠠᠢᠢᠮᠠᠭ ᠢ 41 ᠰᠤᠮᠤ᠂ 115 ᠪᠠᠭ ᠲᠠᠢ ᠪᠠᠢᠢᠭᠤᠯᠤᠭᠰᠠᠨ ᠲᠡᠦᠬᠡ ᠲᠡᠢ᠃
ᠡᠳᠦᠭᠡ ᠤᠪᠰᠤ ᠠᠢᠢᠮᠠᠭ 86 ᠮᠢᠩ᠋ᠭᠠᠨ ᠬᠦᠮᠦᠨ ᠠᠮᠠ ᠲᠠᠢ᠂ 19 ᠰᠤᠮᠤ᠂ 3 ᠰᠠᠶ᠎ᠠ ᠲᠣᠯᠤᠭᠠᠶ ᠮᠠᠯ ᠲᠠᠢ᠂ ᠰᠤᠷᠭᠠᠭᠤᠯᠢ᠂ ᠴᠡᠴᠡᠷᠯᠢᠭ᠂ ᠦᠵᠡᠪᠦᠷᠢ ᠦᠢᠯᠡᠴᠢᠯᠡᠭᠡ᠂ ᠵᠠᠮ᠂ ᠲᠡᠭᠡᠭᠡᠪᠦᠷᠢ᠂ ᠠᠶᠠᠯᠠᠯ ᠵᠢᠭᠤᠯᠴᠢᠯᠠᠯ᠂ ᠬᠤᠳᠠᠯᠳᠤᠭ᠎ᠠ ᠦᠢᠯᠡᠳᠪᠦᠷᠢᠯᠡᠯ ᠪᠦᠬᠦᠢ ᠠᠢᠢᠮᠠᠭ ᠪᠣᠯᠤᠨ ᠬᠥᠭ᠍ᠵᠢᠵᠦ ᠪᠠᠢᠢᠨ᠎ᠠ᠃
ᠤᠪᠰᠤ ᠢᠢᠨ ᠬᠥᠳᠡᠯᠮᠦᠷᠢ ᠢᠷᠭᠡᠳ ᠪᠠᠶᠠᠳ ᠡᠭᠦᠯᠳᠡᠷ ᠦᠨ ᠬᠣᠨᠢ᠂ ᠥᠯᠦᠭᠡᠶ ᠢᠢᠨ ᠤᠯᠠᠭᠠᠨ ᠢᠮᠠᠭ᠎ᠠ᠂ ᠲᠡᠰ ᠬᠡᠪᠰᠢᠯ ᠦᠨ ᠠᠳᠤᠭᠤ ᠵᠡᠷᠭᠡ ᠥᠨᠳᠦᠷ ᠦᠷᠡᠵᠢᠯ ᠰᠢᠮ᠎ᠡ ᠲᠡᠢ ᠮᠠᠯ ᠤᠨ ᠡᠭᠦᠯᠳᠡᠷ ᠤᠭᠰᠠᠭ᠎ᠠ ᠪᠤᠢ ᠪᠣᠯᠭᠠᠵᠤ᠂ ᠵᠠᠮᠴᠤ ᠳᠠᠪᠤᠰᠤ᠂ ᠴᠢᠴᠠᠷᠭᠠᠨ᠎ᠠ ᠵᠢᠮᠢᠰ ᠵᠡᠷᠭᠡ ᠪᠷᠧᠨ᠋ᠳ᠋ ᠪᠦᠲᠦᠭᠡᠭ᠍ᠳᠡᠬᠦᠨ ᠢᠶᠡᠨ ᠳᠣᠲᠤᠭᠠᠳᠤ᠂ ᠭᠠᠳᠠᠭᠠᠳᠤ ᠢᠢᠨ ᠵᠠᠬ᠎ᠠ ᠵᠡᠭᠡᠯᠢ ᠳᠥ ᠲᠣᠭᠲᠠᠪᠤᠷᠢ ᠲᠠᠢ ᠨᠡᠢᠢᠯᠡᠭᠦᠯᠦᠨ᠂ ᠣᠷᠤᠨ ᠨᠤᠲᠤᠭ᠂ ᠤᠯᠤᠰ ᠤᠨ ᠡᠳ᠋ ᠦᠨ ᠵᠠᠰᠠᠭ ᠲᠤ ᠪᠣᠳᠠᠲᠠᠢ ᠬᠤᠪᠢ ᠨᠡᠮᠡᠷᠢ ᠣᠷᠤᠭᠤᠯᠵᠤ ᠢᠷᠡᠵᠡᠶ᠃

ᠨᠢᠭᠡᠨ ᠵᠠᠭᠤᠨ ᠤ ᠬᠤᠭᠤᠴᠠᠭᠠᠨ ᠳᠤ ᠤᠪᠰᠤ ᠠᠢᠢᠮᠠᠭ ᠠᠴᠠ ᠨᠠᠮ᠂ ᠲᠥᠷᠦ ᠢᠢ 44 ᠵᠢᠯ ᠲᠠᠰᠤᠷᠠᠯᠲᠠ ᠦᠭᠡᠢ ᠤᠳᠤᠷᠢᠳᠴᠤ᠂ ᠲᠤᠰᠠᠭᠠᠷ ᠲᠣᠭᠲᠠᠨᠢᠯ᠂ ᠬᠥᠭ᠍ᠵᠢᠯ ᠳᠡᠪᠰᠢᠯ ᠦᠨ XX ᠵᠠᠭᠤᠨ ᠤ ᠲᠡᠦᠬᠡ ᠢᠢ ᠮᠠᠩᠯᠠᠢᠢᠯᠠᠨ ᠪᠦᠲᠦᠭᠡᠯᠴᠡᠭᠰᠡᠨ᠂ ᠪᠦ᠊᠂ ᠨᠠᠢᠢ᠊᠂ ᠮᠣ᠊᠂ ᠠ᠊᠂ ᠤᠯᠤᠰ ᠤᠨ ᠲᠥᠷᠦ ᠢᠢᠨ ᠲᠡᠷᠢᠭᠦᠨ᠂ ᠠ᠊᠂ ᠶᠡ᠊᠂ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ᠂ ᠪᠦ᠊᠂ ᠨᠠᠢᠢ᠊᠂ ᠮᠣ᠊᠂ ᠠ᠊᠂ ᠤᠯᠤᠰ ᠤᠨ ᠰᠠᠢᠢᠳ ᠨᠠᠷ ᠤᠨ ᠵᠥᠪᠯᠡᠯ ᠦᠨ ᠳᠠᠷᠤᠭ᠎ᠠ᠂ ᠮᠣ᠊᠂ ᠠ᠊᠂ ᠬᠤ᠊᠂ ᠨᠠᠮ ᠤᠨ ᠲᠥᠪ ᠬᠣᠷᠢᠶᠠᠨ ᠤ ᠶᠡᠷᠦᠩᠬᠡᠶ ᠨᠠᠷᠢᠨ ᠪᠢᠴᠢᠭ᠌ ᠦᠨ ᠳᠠᠷᠤᠭ᠎ᠠ᠂ ᠮᠠᠷᠱᠠᠯ᠂ ᠤᠯᠤᠰ ᠤᠨ ᠪᠣᠯᠤᠨ ᠬᠥᠳᠡᠯᠮᠦᠷᠢ ᠢᠢᠨ ᠪᠠᠭᠠᠲᠤᠷ ᠶᠦᠮᠵᠠ ᠢᠢᠨ ᠴᠡᠳᠡᠨᠪᠠᠯ᠂ ᠠᠷᠠᠳᠴᠢᠯᠠᠭᠰᠠᠨ ᠬᠤᠪᠢᠰᠬᠠᠯ ᠲᠠᠢᠢᠪᠤᠩ ᠵᠠᠮ ᠢᠶᠠᠷ ᠦᠷᠭᠦᠯᠵᠢᠯᠡᠬᠦ ᠲᠡᠦᠬᠡᠨ ᠪᠣᠯᠤᠮᠵᠢ ᠢᠢ ᠨᠡᠭᠡᠭᠡᠵᠦ᠂ ᠬᠦᠮᠦᠨᠯᠢᠭ᠂ ᠡᠨᠡᠷᠢᠩ᠋ᠭᠦᠶ᠂ ᠠᠷᠠᠳᠴᠢᠯᠠᠭᠰᠠᠨ ᠨᠡᠢᠢᠭᠡᠮ ᠢ ᠴᠣᠭᠴᠠᠯᠠᠭᠠᠬᠤ ᠦᠨᠳᠦᠰᠦ ᠢᠢ ᠲᠠᠯᠪᠢᠭᠰᠠᠨ ᠪᠦ᠊᠂ ᠨᠠᠢᠢ᠊᠂ ᠮᠣ᠊᠂ ᠠ᠊᠂ ᠤᠯᠤᠰ ᠤᠨ ᠲᠥᠷᠦ ᠢᠢᠨ ᠲᠡᠷᠢᠭᠦᠨ ᠪᠤᠶᠤ ᠠ᠊᠂ ᠶᠡ᠊᠂ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ᠂ ᠰᠠᠢᠢᠳ ᠨᠠᠷ ᠤᠨ ᠵᠥᠪᠯᠡᠯ ᠦᠨ ᠳᠠᠷᠤᠭ᠎ᠠ ᠪᠥᠭᠡᠳ ᠶᠡᠷᠦᠩᠬᠡᠶ ᠰᠠᠢᠢᠳ᠂ ᠮᠣ᠊᠂ ᠠ᠊᠂ ᠬᠤ᠊᠂ ᠨᠠᠮ ᠤᠨ ᠲᠥᠪ ᠬᠣᠷᠢᠶᠠᠨ ᠤ ᠶᠡᠷᠦᠩᠬᠡᠶ ᠨᠠᠷᠢᠨ ᠪᠢᠴᠢᠭ᠌ ᠦᠨ ᠳᠠᠷᠤᠭ᠎ᠠ᠂ ᠫᠷᠣᠹᠧᠰᠰᠤᠷ ᠵᠠᠮᠪᠠ ᠢᠢᠨ ᠪᠠᠲᠤᠮᠥ᠋ᠩᠬᠡ ᠲᠡᠷᠢᠭᠦᠲᠡᠢ ᠲᠥᠷᠦ᠂ ᠨᠡᠢᠢᠭᠡᠮ ᠦᠨ ᠨᠡᠷᠡᠲᠦ ᠵᠢᠳᠬᠦᠯᠲᠡᠨ ᠨᠤᠭᠦᠳ᠂ ᠪᠡᠭ᠍ᠵᠡ ᠢᠢᠨ ᠭᠢᠸᠠᠩ᠂ ᠲᠦᠢᠪᠡᠭᠡᠨ ᠦ ᠳᠡᠭᠦᠦᠳᠡᠶ ᠨᠠᠷ ᠤᠨ ᠤᠯᠤᠰ ᠤᠨ ᠪᠠᠭᠠᠲᠤᠷ ᠤᠳ᠂ ᠬᠤᠷᠠᠩᠳᠠ ᠭᠧᠨᠧᠷᠠᠯ ᠪᠤᠭᠤ ᠢᠢᠨ ᠳᠡᠵᠢᠳ ᠵᠡᠷᠭᠡ 16 ᠭᠧᠨᠧᠷᠠᠯ᠂ 30 ᠭᠠᠷᠤᠶ ᠬᠥᠳᠡᠯᠮᠦᠷᠢ ᠢᠢᠨ ᠪᠠᠭᠠᠲᠤᠷ᠂ 20 ᠭᠠᠷᠤᠶ ᠲᠥᠷᠦ ᠢᠢᠨ ᠱᠠᠩᠨᠠᠯᠲᠠᠨ᠂ 11 ᠠᠻᠠᠳᠧᠮᠢᠴᠢ᠂ 10 ᠭᠠᠷᠤᠶ ᠠᠷᠠᠳ ᠤᠨ ᠵᠦᠵᠦᠭᠡᠴᠢᠨ᠂ 600 ᠭᠠᠷᠤᠶ ᠡᠷᠳᠡᠮᠲᠡᠨ᠂ 300 ᠭᠠᠷᠤᠶ ᠭᠠᠪᠢᠶᠠᠲᠤ ᠴᠣᠯᠠᠲᠠᠨ ᠲᠥᠷᠦᠨ ᠭᠠᠷᠴᠠᠶ᠃

ᠮᠥᠨ ᠳᠠᠷᠬᠠᠨ ᠠᠪᠤᠷᠭᠤ᠂ ᠬᠥᠳᠡᠯᠮᠦᠷᠢ ᠢᠢᠨ ᠪᠠᠭᠠᠲᠤᠷ᠂ ᠮᠣᠩ᠋ᠭᠤᠯ ᠤᠯᠤᠰ᠂ ᠵᠥᠪᠯᠡᠯᠲᠦ ᠬᠣᠯᠪᠤᠭᠠᠲᠤ ᠤᠯᠤᠰ ᠤᠨ ᠭᠠᠪᠢᠶᠠᠲᠤ ᠲᠠᠮᠢᠷᠴᠢᠨ᠂ XX ᠵᠠᠭᠤᠨ ᠤ ᠮᠠᠩᠯᠠᠶ ᠮᠣᠩ᠋ᠭᠤᠯ ᠪᠥᠬᠡ᠂ ᠴᠢᠯᠦᠭᠡᠲᠦ ᠪᠥᠬᠡ ᠢᠢᠨ ᠳᠡᠯᠡᠬᠡᠶ ᠢᠢᠨ ᠠᠪᠤᠷᠭᠤ᠂ ᠣᠯᠢᠮᠫ ᠪᠣᠯᠤᠨ ᠳᠡᠯᠡᠬᠡᠶ ᠢᠢᠨ ᠠᠪᠤᠷᠭᠤ ᠢᠢᠨ ᠭᠤᠷᠪᠠᠨ ᠤᠳᠠᠭ᠎ᠠ ᠢᠢᠨ ᠮᠥᠩ᠋ᠭᠦᠨ ᠮᠧᠳᠠᠯᠢᠲᠤ᠂ ᠳ᠋ᠣᠻᠲ᠋ᠤᠷ᠂ ᠫᠷᠣᠹᠧᠰᠰᠤᠷ ᠬᠤᠷᠯᠤ ᠠ ᠢᠢᠨ ᠪᠠᠶᠠᠨᠮᠥ᠋ᠩᠬᠡ᠂ ᠬᠥᠳᠡᠯᠮᠦᠷᠢ ᠢᠢᠨ ᠪᠠᠭᠠᠲᠤᠷ᠂ ᠠᠷᠠᠳ ᠤᠨ ᠪᠠᠭᠰᠢ᠂ ᠰᠠᠮᠪᠣ ᠪᠥᠬᠡ ᠢᠢᠨ ᠳᠡᠯᠡᠬᠡᠶ ᠢᠢᠨ ᠠᠪᠤᠷᠭᠤ᠂ ᠵᠢᠦ᠋ᠳᠣ᠋ ᠪᠥᠬᠡ ᠢᠢᠨ ᠳᠡᠯᠡᠬᠡᠶ ᠢᠢᠨ ᠠᠪᠤᠷᠭᠤ ᠢᠢᠨ ᠮᠥᠩ᠋ᠭᠦᠨ ᠮᠧᠳᠠᠯᠢᠲᠤ ᠣᠳᠪᠠᠭ ᠤᠨ ᠪᠠᠯᠵᠢᠩᠨᠢᠮᠠ ᠲᠡᠷᠢᠭᠦᠲᠡᠢ ᠦᠨᠳᠦᠰᠦᠨ ᠦ ᠪᠥᠬᠡ ᠢᠢᠨ ᠠᠪᠤᠷᠭᠤ᠂ ᠣᠯᠢᠮᠫ ᠤᠨ ᠮᠧᠳᠠᠯᠢᠲᠠᠨ᠂ ᠰᠫᠣᠷᠲ ᠤᠨ ᠠᠯᠳᠠᠷᠲᠠᠨ ᠣᠯᠠᠨ ᠢᠶᠠᠷ ᠲᠥᠷᠦᠨ ᠭᠠᠷᠤᠭᠰᠠᠨ ᠬᠦᠴᠦᠲᠡᠨ ᠨᠤᠭᠦᠳ ᠦᠨ ᠥᠯᠦᠭᠡᠶ ᠨᠤᠲᠤᠭ ᠪᠢᠯᠡ᠃

