ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 2025 ᠣᠨ ᠤ 09 ᠊ᠳ᠋ᠦᠭᠡᠷ ᠰᠠᠷ᠎ᠠ ᠢᠢᠨ 02 ᠤ ᠡᠳᠦᠷ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠾᠧᠪᠧᠶ ᠮᠤᠵᠢ ᠢᠢᠨ ᠵᠠᠩᠪᠧᠶ ᠬᠣᠰᠢᠭᠤᠨ ᠤ ᠵᠠᠩᠴᠢᠬᠦ᠋ᠦ ᠢᠢᠨ ᠳᠠᠪᠠᠭᠠᠨ ᠳᠤ ᠪᠠᠢᠢᠷᠢᠯᠠᠳᠠᠭ ᠮᠣᠩ᠋ᠭᠤᠯ-ᠵᠥᠪᠯᠡᠯᠲᠦ ᠢᠢᠨ ᠳᠠᠢᠢᠴᠢᠳ ᠲᠤ ᠵᠣᠷᠢᠭᠤᠯᠤᠭᠰᠠᠨ ᠳᠤᠷᠠᠰᠬᠠᠯ ᠤᠨ ᠴᠣᠭᠴᠠᠯᠠᠪᠤᠷᠢ ᠳᠤ ᠵᠣᠴᠢᠯᠠᠵᠤ᠂ ᠠᠮᠢ ᠦᠷᠡᠭᠳᠡᠭᠰᠡᠨ ᠳᠠᠢᠢᠴᠢᠳ ᠤᠨ ᠳᠤᠷᠠᠰᠬᠠᠯ ᠤᠨ ᠬᠥᠰᠢᠶᠡᠨ ᠳᠥ ᠬᠦᠨᠳᠦᠳᠬᠡᠯ ᠦᠵᠡᠭᠦᠯᠵᠦ᠂ ᠴᠡᠴᠡᠭ ᠡᠷᠭᠦᠪᠡ᠃





ᠡᠨᠡ ᠦᠶ᠎ᠡ ᠪᠡᠷ ᠶᠡᠷᠦᠩᠬᠡᠢᠢᠯᠡᠭᠴᠢ ᠤ·ᠬᠦᠷᠡᠯᠰᠦ᠋ᠬᠡ ᠲᠤᠰ ᠴᠣᠭᠴᠠᠯᠠᠪᠤᠷᠢ ᠳᠤ ᠪᠠᠢᠢᠷᠢᠯᠠᠬᠤ ᠮᠣᠩ᠋ᠭᠤᠯ-ᠵᠥᠪᠯᠡᠯᠲᠦ ᠢᠢᠨ ᠳᠠᠢᠢᠴᠢᠳ ᠤᠨ ᠳᠤᠷᠠᠰᠬᠠᠯ ᠤᠨ ᠮᠦᠽᠧᠶ ᠳᠥ 1945 ᠣᠨ ᠳᠤ ᠴᠢᠯᠦᠭᠡᠯᠡᠬᠦ ᠳᠠᠢᠢᠨ ᠳᠤ ᠢᠯᠠᠯᠲᠠ ᠪᠠᠢᠢᠭᠤᠯᠤᠭᠰᠠᠨ ᠤ ᠳᠠᠷᠠᠭ᠎ᠠ ᠮᠠᠷᠱᠠᠯ ᠬᠣ᠊·ᠴᠣᠢᠢᠪᠠᠯᠰᠠᠩ ᠵᠠᠩᠪᠧᠶ ᠬᠣᠰᠢᠭᠤ ᠪᠣᠯᠤᠨ ᠴᠠᠭᠠᠨ ᠬᠡᠷᠡᠮ ᠬᠦᠷᠦᠭᠰᠡᠨ᠂ ᠮᠥᠨ ᠮᠣᠩ᠋ᠭᠤᠯ-ᠵᠥᠪᠯᠡᠯᠲᠦ ᠢᠢᠨ ᠴᠡᠷᠢᠭ ᠦᠳ ᠦᠨ ᠲᠤᠬᠠᠶ ᠢᠢᠨ ᠦᠶ᠎ᠡ ᠢᠢᠨ ᠲᠡᠦᠬᠡᠨ ᠭᠡᠷᠡᠯ ᠵᠢᠷᠤᠭ ᠤᠳ ᠢ ᠳᠤᠷᠠᠰᠬᠠᠪᠠ᠃
1945 ᠣᠨ ᠤ 08 ᠳ᠋ᠤᠭᠠᠷ ᠰᠠᠷ᠎ᠠ ᠢᠢᠨ 14 ᠤ ᠡᠳᠦᠷ ᠮᠣᠩ᠋ᠭᠤᠯ-ᠵᠥᠪᠯᠡᠯᠲᠦ ᠢᠢᠨ ᠬᠠᠮᠲᠤᠷᠠᠭᠰᠠᠨ ᠴᠡᠷᠢᠭ ᠵᠠᠩᠪᠧᠶ ᠬᠣᠰᠢᠭᠤᠨ ᠳᠤ ᠣᠷᠤᠵᠤ ᠢᠷᠡᠨ᠂ ᠬᠢᠲᠠᠳ ᠢ ᠴᠢᠯᠦᠭᠡᠯᠡᠬᠦ ᠳᠠᠢᠢᠨ ᠳᠤ ᠪᠠᠭᠠᠲᠤᠷᠯᠢᠭ ᠢᠶᠠᠷ ᠲᠤᠯᠤᠯᠳᠤᠭᠰᠠᠨ ᠲᠡᠦᠬᠡ ᠲᠡᠢ᠃






ᠮᠣᠩ᠋ᠭᠤᠯ-ᠵᠥᠪᠯᠡᠯᠲᠦ ᠢᠢᠨ ᠬᠠᠮᠲᠤᠷᠠᠭᠰᠠᠨ ᠴᠡᠷᠢᠭ ᠢ ᠬᠤᠷᠠᠩᠳᠠ ᠭᠧᠨᠧᠷᠠᠯ ᠢ᠊·ᠠ᠊·ᠫᠯᠢᠶᠧᠸ ᠤᠳᠤᠷᠢᠳᠴᠤ᠂ ᠪᠦᠷᠢᠯᠳᠦᠬᠦᠨ ᠳᠥ ᠨᠢ 27 ᠳ᠋ᠤᠭᠠᠷ ᠮᠣᠲ᠋ᠤᠷᠵᠢᠭᠤᠯᠤᠭᠰᠠᠨ ᠶᠠᠪᠠᠭᠠᠨ ᠪᠷᠢᠭᠠᠳ᠋᠂ 13 ᠳ᠋ᠤᠭᠠᠷ ᠮᠣᠲ᠋ᠤ᠋ ᠬᠣᠷᠢᠶ᠎ᠠ᠂ 7 ᠳ᠋ᠤᠭᠠᠷ ᠬᠤᠶᠠᠭᠲᠤ ᠪᠷᠢᠭᠠᠳ᠋᠂ 3 ᠳ᠋ᠤᠭᠠᠷ ᠠᠷᠲ᠋ᠢᠯᠯᠧᠷᠢ ᠢᠢᠨ ᠬᠣᠷᠢᠶ᠎ᠠ ᠪᠣᠯᠤᠨ ᠮᠣᠩ᠋ᠭᠤᠯ ᠤᠨ ᠵᠠᠷᠢᠮ ᠮᠣᠷᠢᠲᠤ ᠠᠩ᠋ᠭᠢ ᠣᠷᠤᠭᠰᠠᠨ ᠪᠠᠢᠢᠪᠠ᠃
ᠵᠠᠩᠴᠢᠬᠦ᠋ᠦ ᠢᠢᠨ ᠳᠠᠪᠠᠭᠠᠨ ᠳᠤ ᠪᠣᠯᠤᠭᠰᠠᠨ ᠲᠤᠯᠤᠭᠠᠨ ᠳᠤ ᠮᠣᠩ᠋ᠭᠤᠯ ᠠᠷᠠᠳ ᠤᠨ ᠬᠤᠪᠢᠰᠬᠠᠯᠲᠤ ᠴᠡᠷᠢᠭ ᠦᠨ 56 ᠪᠠᠢᠢᠯᠳᠤᠭᠴᠢ᠂ ᠵᠥᠪᠯᠡᠯᠲᠦ ᠢᠢᠨ ᠤᠯᠠᠭᠠᠨ ᠠᠷᠮᠢ ᠢᠢᠨ 67 ᠴᠡᠷᠢᠭ ᠠᠮᠢ ᠨᠠᠰᠤ ᠪᠠᠨ ᠠᠯᠳᠠᠵᠤ᠂ ᠬᠢᠲᠠᠳ ᠤᠨ ᠠᠷᠠᠳ ᠲᠦᠮᠡᠨ ᠢ ᠴᠢᠯᠦᠭᠡᠯᠡᠬᠦ ᠦᠢᠯᠡ ᠬᠡᠷᠡᠭ ᠲ᠋ᠥ ᠭᠠᠷᠮᠠᠭᠠᠶ ᠭᠠᠪᠢᠶ᠎ᠠ ᠪᠠᠢᠢᠭᠤᠯᠤᠭᠰᠠᠨ ᠶᠤᠮ᠃
ᠮᠣᠩ᠋ᠭᠤᠯ᠂ ᠵᠥᠪᠯᠡᠯᠲᠦ ᠢᠢᠨ ᠠᠮᠢ ᠦᠷᠡᠭᠳᠡᠭᠰᠡᠨ ᠳᠠᠢᠢᠴᠢᠳ ᠢ ᠵᠠᠩᠪᠧᠶ ᠬᠣᠰᠢᠭᠤᠨ ᠤ ᠶᠧᠾᠦ᠋ᠯᠢᠨ ᠠᠭᠤᠯᠠᠨ ᠳᠤ ᠣᠷᠤᠰᠢᠭᠤᠯᠤᠭᠰᠠᠨ ᠪᠥᠭᠡᠳ ᠬᠣᠵᠢᠮ ᠨᠢ ᠮᠣᠩ᠋ᠭᠤᠯ-ᠵᠥᠪᠯᠡᠯᠲᠦ ᠢᠢᠨ ᠳᠠᠢᠢᠴᠢᠳ ᠲᠤ ᠵᠣᠷᠢᠭᠤᠯᠤᠭᠰᠠᠨ ᠳᠤᠷᠠᠰᠬᠠᠯ ᠤᠨ ᠴᠣᠭᠴᠠᠯᠠᠪᠤᠷᠢ ᠪᠠᠢᠢᠭᠤᠯᠤᠭᠰᠠᠨ ᠪᠠᠢᠢᠨ᠎ᠠ᠃



