ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠣᠩ᠋ᠭᠣᠯ ᠤᠯᠤᠰ ᠠᠴᠠ ᠶᠠᠫᠣᠨ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠲ ∙ ᠪᠠᠲᠤᠵᠢᠷᠭᠠᠯ ᠳᠤ ᠥᠨᠥᠳᠥᠷ ᠢᠲᠡᠭᠡᠮᠵᠢᠯᠡᠬᠦ ᠵᠢᠭᠤᠬᠤ ᠪᠢᠴᠢᠭ᠌ ᠭᠠᠷᠳᠠᠭᠤᠯᠤᠯᠤᠭᠠ᠃
ᠮᠣᠩ᠋ᠭᠣᠯ ᠤᠯᠤᠰ ᠠᠴᠠ ᠶᠠᠫᠣᠨ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠳᠠᠮᠪᠠᠳᠠᠷᠵᠡᠢ ᠢᠢᠨ ᠪᠠᠲᠤᠵᠢᠷᠭᠠᠯ᠄
1966 ᠣᠨ ᠳᠤ ᠤᠯᠠᠭᠠᠨᠪᠠᠭᠠᠲᠤᠷ ᠬᠣᠲᠠ ᠳᠤ ᠲᠦᠷᠦᠭᠰᠡᠨ᠃
1989 ᠣᠨ ᠳᠤ ᠮᠣᠩ᠋ᠭᠣᠯ ᠤᠯᠤᠰ ᠤᠨ ᠶᠡᠬᠡ ᠰᠤᠷᠭᠠᠭᠤᠯᠢ ᠢᠢᠨ ᠣᠯᠠᠨ ᠤᠯᠤᠰ ᠤᠨ ᠬᠠᠷᠢᠯᠴᠠᠭᠠᠨ ᠤ ᠰᠤᠷᠭᠠᠭᠤᠯᠢ᠂
1995 ᠣᠨ ᠳᠤ ᠶᠠᠫᠣᠨ ᠤᠯᠤᠰ ᠤᠨ ᠲᠣᠺᠢᠣ᠋ ᠍ ᠢᠢᠨ ᠶᠡᠬᠡ ᠰᠤᠷᠭᠠᠭᠤᠯᠢ᠂
2002 ᠣᠨ ᠳᠤ ᠶᠠᠫᠣᠨ ᠤᠯᠤᠰ ᠤᠨ ᠸᠠᠰᠧᠳᠠ ᠢᠢᠨ ᠶᠡᠬᠡ ᠰᠤᠷᠭᠠᠭᠤᠯᠢ ᠢᠢ ᠲᠤᠰ ᠲᠤᠰ ᠲᠡᠭᠦᠰᠦᠭᠰᠡᠨ᠂
《ᠲᠡᠷᠢᠭᠦᠨ ᠰᠢᠳᠠᠷ》 ᠳ᠋ᠢᠫᠯᠣᠮᠠᠲ ᠴᠣᠯᠠ ᠲᠠᠢ᠂
1989-2002 ᠣᠨ ᠳᠤ ᠤᠯᠤᠰ ᠤᠨ ᠪᠠᠩᠬᠢᠨ ᠤ ᠶᠡᠷᠦᠩᠬᠡᠢ ᠬᠣᠷᠢᠶᠠᠨ ᠳᠤ ᠫᠷᠣᠭᠷᠠᠮ ᠵᠣᠬᠢᠶᠠᠭᠴᠢ᠂ ᠲᠥᠰᠥᠯ ᠦᠨ ᠤᠳᠤᠷᠢᠳᠤᠭᠴᠢ᠂ ᠡᠳ᠋ ᠍ ᠦᠨ ᠵᠠᠰᠠᠭᠴᠢ᠂ ᠵᠡᠭᠡᠯᠢ ᠢᠢᠨ ᠮᠡᠳᠡᠭᠡᠯᠡᠯ ᠦᠨ ᠰᠠᠩ ᠤᠨ ᠠᠬᠠᠯᠠᠬᠤ ᠠᠵᠢᠯᠲᠠᠨ᠂
2002-2006 ᠣᠨ ᠳᠤ ᠶᠠᠫᠣᠨ ᠤᠯᠤᠰ ᠲᠤ ᠰᠠᠭᠤᠭ᠎ᠠ ᠡᠯᠴᠢᠨ ᠰᠠᠢᠢᠳ ᠤᠨ ᠶᠠᠮᠤ ᠳᠤ ᠬᠤᠳᠠᠯᠳᠤᠭ᠎ᠠ᠂ ᠡᠳ᠋ ᠍ ᠦᠨ ᠵᠠᠰᠠᠭ ᠬᠠᠷᠢᠭᠤᠴᠠᠭᠰᠠᠨ ᠵᠥᠪᠯᠡᠬᠦ᠂
2006-2007 ᠣᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠲᠤ ᠭᠠᠳᠠᠭᠠᠳᠤ ᠪᠣᠳᠣᠯᠭ᠎ᠠ ᠢᠢᠨ ᠷᠧᠹᠧᠷᠧᠨ᠋ᠲ᠂
2007-2009 ᠣᠨ ᠳᠤ ᠦᠢᠢᠯᠡᠳᠪᠦᠷᠢ᠍ ᠬᠤᠳᠠᠯᠳᠤᠭᠠᠨ ᠤ ᠶᠡᠮᠤᠨ ᠤ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭᠠᠨ ᠤ ᠭᠠᠵᠠᠷ ᠤᠨ ᠣᠷᠣᠯᠠᠭᠴᠢ ᠳᠠᠷᠤᠭ᠎ᠠ᠂
2009-2011 ᠣᠨ ᠳᠤ ᠶᠠᠫᠣᠨ ᠤᠯᠤᠰ ᠲᠤ ᠰᠠᠭᠤᠭ᠎ᠠ ᠡᠯᠴᠢᠨ ᠰᠠᠢᠢᠳ ᠤᠨ ᠶᠠᠮᠤᠨ ᠳᠤ ᠬᠤᠳᠠᠯᠳᠤᠭ᠎ᠠ ᠡᠳ᠋ ᠍ ᠦᠨ ᠵᠠᠰᠠᠭ ᠬᠠᠷᠢᠭᠤᠴᠠᠭᠰᠠᠨ ᠵᠥᠪᠯᠡᠬᠦ᠂
2011-2012 ᠣᠨ ᠳᠤ ᠮᠣᠩ᠋ᠭᠣᠯ ᠤᠯᠤᠰ ᠠᠴᠠ ᠶᠠᠫᠣᠨ ᠤᠯᠤᠰ ᠤᠨ ᠣᠰᠠᠺᠠ ᠬᠣᠲᠠ ᠳᠤ ᠰᠠᠭᠤᠭ᠎ᠠ ᠶᠡᠷᠦᠩᠬᠡᠢ ᠺᠣᠨ᠋ᠰᠤᠢᠯ᠂
2013-2014 ᠣᠨ ᠳᠤ ᠭᠠᠳᠠᠭᠠᠳᠤ ᠬᠠᠷᠢᠯᠴᠠᠭᠠᠨ ᠶᠠᠮᠤᠨ ᠤ ᠪᠣᠳᠣᠯᠭ᠎ᠠ ᠲᠥᠯᠥᠪᠯᠡᠯᠲᠡ᠂ ᠰᠲ᠋ᠷᠠᠲ᠋ᠧᠭᠢ ᠢᠢᠨ ᠭᠠᠵᠠᠷ ᠲᠤ ᠵᠥᠪᠯᠡᠬᠦ᠂
2014-2016 ᠣᠨ ᠳᠤ ᠲᠤᠰ ᠶᠠᠮᠤᠨ ᠤ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭᠠᠨ ᠤ ᠭᠠᠵᠠᠷ ᠲᠤ ᠵᠥᠪᠯᠡᠬᠦ᠂
2016 ᠣᠨ ᠤ ᠨᠠᠢᠢᠮᠠᠳᠤᠭᠠᠷ ᠰᠠᠷ᠎ᠠ ᠠᠴᠠ ᠮᠣᠩ᠋ᠭᠣᠯ ᠤᠯᠤᠰ ᠠᠴᠠ ᠶᠠᠫᠣᠨ ᠤᠯᠤᠰ ᠲᠤ ᠰᠠᠭᠤᠭ᠎ᠠ ᠡᠯᠴᠢᠨ ᠰᠠᠢᠢᠳ ᠤᠨ ᠶᠠᠮᠤ ᠳᠤ ᠡᠯᠴᠢᠨ ᠵᠥᠪᠯᠡᠬᠦ ᠪᠡᠷ ᠠᠵᠢᠯᠯᠠᠵᠤ ᠪᠠᠢᠢᠭᠰᠠᠨ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠣᠩ᠋ᠭᠣᠯ ᠤᠯᠤᠰ ᠠᠴᠠ ᠶᠠᠫᠣᠨ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠲ ∙ ᠪᠠᠲᠤᠵᠢᠷᠭᠠᠯ ᠳᠤ ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠵᠦ᠂ ᠡᠳ᠋ ᠍ ᠦᠨ ᠵᠠᠰᠠᠭ ᠤᠨ ᠲᠣᠮᠣᠬᠠᠨ ᠲᠥᠰᠥᠯ ᠬᠥᠲᠥᠯᠪᠦᠷᠢ ᠢᠢ ᠡᠬᠢᠯᠡᠭᠦᠯᠬᠦ ᠳᠥ ᠠᠩᠬᠠᠷᠴᠤ ᠠᠵᠢᠯᠯᠠᠬᠤ ᠢᠢ ᠰᠠᠨᠠᠭᠤᠯᠤᠭᠠᠳ᠂ ᠠᠵᠢᠯ ᠳᠤ ᠨᠢ ᠠᠮᠵᠢᠯᠲᠠ ᠬᠦᠰᠡᠯ᠎ᠡ᠃