ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠠᠦ᠋ᠰᠲ᠋ᠷᠠᠯᠢᠶ᠎ᠠ ᠢᠢᠨ ᠬᠣᠯᠪᠤᠭᠠᠨ ᠤ ᠤᠯᠤᠰ ᠤᠨ ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ 2025 ᠣᠨ ᠤ 09 ᠊ᠳ᠋ᠦᠭᠡᠷ ᠰᠠᠷ᠎ᠠ ᠢᠢᠨ 04-09 ᠦ ᠡᠳᠦᠷ ᠦᠳ ᠲᠥ ᠲᠥᠷᠦ ᠢᠢᠨ ᠠᠢᠢᠯᠴᠢᠯᠠᠯ ᠬᠢᠬᠦ ᠪᠡᠷ ᠬᠦᠷᠦᠯᠴᠡᠨ ᠢᠷᠡᠯ᠎ᠡ᠃
ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠪᠣᠯᠤᠨ ᠨᠥᠬᠦᠷ ᠰᠢᠮᠧᠣᠨ ᠪᠧᠻᠧᠲ᠋ᠲ᠋ ᠨᠠᠷ ᠢ «ᠴᠢᠩᠬᠢᠰ ᠬᠠᠭᠠᠨ» ᠣᠯᠠᠨ ᠤᠯᠤᠰ ᠤᠨ ᠨᠢᠰᠬᠦ ᠣᠩ᠋ᠭᠤᠴᠠᠨ ᠤ ᠪᠠᠭᠤᠳᠠᠯ ᠳᠤ ᠭᠠᠳᠠᠭᠠᠳᠤ ᠬᠠᠷᠢᠯᠴᠠᠭᠠᠨ ᠤ ᠰᠠᠢᠢᠳ ᠪᠠ᠊·ᠪᠠᠲᠤᠴᠡᠴᠡᠭ᠌᠂ ᠠᠦ᠋ᠰᠲ᠋ᠷᠠᠯᠢᠶ᠎ᠠ ᠢᠢᠨ ᠬᠣᠯᠪᠤᠭᠠᠨ ᠤ ᠤᠯᠤᠰ ᠠᠴᠠ ᠮᠣᠩ᠋ᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠯᠧᠣ᠋ ᠽᠧᠩ ᠨᠠᠷ ᠤᠭᠲᠤᠨ ᠠᠪᠤᠯ᠎ᠠ᠃

ᠠᠦ᠋ᠰᠲ᠋ᠷᠠᠯᠢᠶ᠎ᠠ ᠢᠢᠨ ᠬᠣᠯᠪᠤᠭᠠᠨ ᠤ ᠤᠯᠤᠰ ᠤᠨ ᠠᠮᠪᠠᠨ ᠵᠠᠬᠢᠷᠤᠭᠴᠢ 31 ᠵᠢᠯ ᠦᠨ ᠳᠠᠷᠠᠭ᠎ᠠ ᠠᠢᠢᠯᠴᠢᠯᠠᠵᠤ ᠪᠠᠢᠢᠭ᠎ᠠ ᠪᠥᠭᠡᠳ ᠮᠠᠨ ᠤ ᠤᠯᠤᠰ ᠤᠨ ᠡᠨᠡᠳᠬᠡᠭ᠌᠂ ᠨᠣᠮᠤᠬᠠᠨ ᠳᠠᠯᠠᠢ ᠢᠢᠨ ᠪᠦᠰᠡ ᠨᠤᠲᠤᠭ ᠳ᠋ᠠᠬᠢ ᠴᠢᠬᠤᠯᠠ ᠲᠦᠩᠰᠢ᠂ ᠭᠤᠷᠪᠠᠳᠠᠭᠴᠢ ᠬᠥᠷᠰᠢ ᠠᠦ᠋ᠰᠲ᠋ᠷᠠᠯᠢᠶ᠎ᠠ ᠲᠠᠢ ᠬᠥᠭ᠍ᠵᠢᠭᠦᠯᠵᠦ ᠪᠤᠢ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠪᠡᠬᠢᠵᠢᠭᠦᠯᠬᠦ ᠳᠥ ᠴᠢᠬᠤᠯᠠ ᠠᠴᠢ ᠬᠣᠯᠪᠤᠭᠳᠠᠯ ᠲᠠᠢ ᠶᠤᠮ᠃
ᠠᠢᠢᠯᠴᠢᠯᠠᠯ ᠤᠨ ᠬᠦᠷᠢᠶᠡᠨ ᠳᠥ ᠶᠡᠷᠦᠩᠬᠡᠢᠢᠯᠡᠭᠴᠢ ᠤ·ᠬᠦᠷᠡᠯᠰᠦ᠋ᠬᠡ᠂ ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠨᠠᠷ ᠠᠯᠪᠠᠨ ᠠᠭᠤᠯᠵᠠᠯᠲᠠ ᠬᠢᠵᠦ᠂ ᠬᠠᠷᠢᠯᠴᠠᠭ᠎ᠠ ᠢᠢ ᠱᠠᠲᠤ ᠠᠬᠢᠭᠤᠯᠤᠨ «ᠢᠵᠢ ᠪᠦᠷᠢᠨ ᠲᠦᠩᠰᠢᠯᠡᠯ» ᠊ᠦᠨ ᠲᠥᠪᠰᠢᠨ ᠳᠥ ᠬᠦᠷᠭᠡᠬᠦ ᠲᠣᠬᠢᠷᠠᠯᠴᠠᠭ᠎ᠠ ᠢᠢ ᠪᠠᠲᠤᠯᠠᠭᠠᠵᠢᠭᠤᠯᠬᠤ ᠬᠦᠷᠢᠶᠡᠨ ᠳᠥ ᠤᠯᠤᠰ ᠲᠥᠷᠦ᠂ ᠬᠤᠳᠠᠯᠳᠤᠭ᠎ᠠ᠂ ᠬᠥᠷᠦᠩ᠋ᠭᠡ ᠣᠷᠤᠭᠤᠯᠤᠯᠲᠠ᠂ ᠪᠣᠯᠪᠠᠰᠤᠷᠠᠯ᠂ ᠬᠥᠳᠡᠭᠡ ᠠᠵᠤ ᠠᠬᠤᠶ ᠵᠡᠷᠭᠡ ᠪᠣᠯᠤᠮᠵᠢᠲᠤ ᠰᠠᠯᠪᠤᠷᠢ ᠳᠤ ᠥᠷᠭᠡᠵᠢᠭᠦᠯᠬᠦ᠂ ᠢᠷᠭᠡᠳ ᠬᠣᠭᠤᠷᠤᠨᠳᠤ ᠢᠢᠨ ᠬᠡᠯᠬᠢᠶ᠎ᠡ ᠬᠣᠯᠪᠤᠭ᠎ᠠ ᠢᠢ ᠪᠡᠬᠢᠵᠢᠭᠦᠯᠬᠦ᠂ ᠣᠯᠠᠨ ᠤᠯᠤᠰ᠂ ᠪᠦᠰᠡ ᠨᠤᠲᠤᠭ ᠤᠨ ᠲᠠᠪᠴᠠᠩ ᠳ᠋ᠠᠬᠢ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠬᠦ ᠲᠠᠯ᠎ᠠ ᠪᠠᠷ ᠰᠠᠨᠠᠯ ᠰᠣᠯᠢᠯᠴᠠᠨ᠎ᠠ᠃

ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠠᠢᠢᠯᠴᠢᠯᠠᠯ ᠤᠨ ᠢᠶᠠᠨ ᠦᠶ᠎ᠡ ᠪᠡᠷ ᠮᠠᠨ ᠤ ᠤᠯᠤᠰ ᠲᠤ ᠬᠡᠷᠡᠭᠵᠢᠵᠦ ᠪᠠᠢᠢᠭ᠎ᠠ ᠠᠦ᠋ᠰᠲ᠋ᠷᠠᠯᠢᠶ᠎ᠠ ᠢᠢᠨ ᠲᠥᠰᠦᠯ᠂ ᠬᠥᠲᠦᠯᠪᠦᠷᠢ ᠨᠤᠭᠦᠳ ᠦᠨ ᠬᠡᠷᠡᠭᠵᠢᠯᠲᠡ ᠲᠡᠢ ᠲᠠᠨᠢᠯᠴᠠᠵᠤ᠂ ᠪᠢᠽᠢᠨᠧᠰ ᠡᠷᠬᠢᠯᠡᠭᠴᠢᠳ ᠦᠨ ᠲᠥᠯᠦᠭᠡᠯᠡᠯ ᠲᠡᠢ ᠠᠭᠤᠯᠵᠠᠬᠤ ᠶᠤᠮ᠃
ᠮᠣᠩ᠋ᠭᠤᠯ ᠤᠯᠤᠰ᠂ ᠠᠦ᠋ᠰᠲ᠋ᠷᠠᠯᠢᠶ᠎ᠠ ᠢᠢᠨ ᠬᠣᠯᠪᠤᠭᠠᠨ ᠤ ᠤᠯᠤᠰ 1972 ᠣᠨ ᠤ 09 ᠊ᠳ᠋ᠦᠭᠡᠷ ᠰᠠᠷ᠎ᠠ ᠢᠢᠨ 15 ᠤ ᠡᠳᠦᠷ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ᠃ ᠠᠦ᠋ᠰᠲ᠋ᠷᠠᠯᠢᠶ᠎ᠠ ᠳᠤ 22 ᠮᠢᠩ᠋ᠭ᠎ᠠ ᠭᠠᠷᠤᠶ ᠮᠣᠩ᠋ᠭᠤᠯ ᠢᠷᠭᠡᠨ ᠣᠷᠤᠰᠢᠨ ᠰᠠᠭᠤᠵᠤ ᠪᠠᠢᠢᠨ᠎ᠠ᠃





