ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠠᠦ᠋ᠰᠲ᠋ᠷᠠᠯᠢᠶ᠎ᠠ ᠢᠢᠨ ᠬᠣᠯᠪᠤᠭᠠᠨ ᠤ ᠤᠯᠤᠰ ᠤᠨ ᠠᠮᠪᠠᠨ ᠵᠠᠬᠢᠷᠤᠭᠴᠢ (ᠲᠥᠷᠦ ᠢᠢᠨ ᠲᠡᠷᠢᠭᠦᠨ) ᠰᠠᠮᠠᠨ᠋ᠲ᠋ᠾᠠ ᠮᠣᠰᠲ᠋ᠢᠨ ᠨᠥᠬᠦᠷ ᠰᠢᠮᠸᠣᠨ ᠪᠧᠻᠧᠲ᠋ᠲ᠋ ᠦᠨ ᠬᠠᠮᠲᠤ ᠒᠐᠒᠕ ᠣᠨ ᠤ ᠙ ᠊ᠳ᠋ᠦᠭᠡᠷ ᠰᠠᠷ᠎ᠠ ᠢᠢᠨ ᠐᠔-᠐᠙ ᠦ ᠡᠳᠦᠷ ᠦᠳ ᠲᠥ ᠲᠥᠷᠦ ᠢᠢᠨ ᠠᠢᠢᠯᠴᠢᠯᠠᠯ ᠬᠢᠵᠦ ᠪᠠᠢᠢᠨ᠎ᠠ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠭᠡᠷᠭᠡᠶ ᠯᠤ᠊·ᠪᠣᠯᠤᠷᠴᠡᠴᠡᠭ᠌ ᠦᠨ ᠬᠠᠮᠲᠤ ᠠᠦ᠋ᠰᠲ᠋ᠷᠠᠯᠢᠶ᠎ᠠ ᠢᠢᠨ ᠬᠣᠯᠪᠤᠭᠠᠨ ᠤ ᠤᠯᠤᠰ ᠤᠨ ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ᠂ ᠨᠥᠬᠦᠷ ᠰᠢᠮᠸᠣᠨ ᠪᠧᠻᠧᠲ᠋ᠲ᠋ ᠨᠠᠷ ᠢ ᠵᠠᠩᠵᠤᠨ ᠳᠠ᠊·ᠰᠦᠬᠡᠪᠠᠭᠠᠲᠤᠷ ᠤᠨ ᠲᠠᠯᠠᠪᠠᠢ ᠳᠤ ᠠᠯᠪᠠᠨ ᠶᠣᠰᠤ ᠪᠠᠷ ᠤᠭᠲᠤᠨ ᠠᠪᠤᠯ᠎ᠠ᠃
ᠲᠥᠷᠦ ᠢᠢᠨ ᠬᠦᠨᠳᠦᠲᠦ ᠬᠠᠷᠠᠭᠤᠯ ᠤᠨ ᠵᠠᠬᠢᠷᠤᠭᠴᠢ ᠠᠢᠢᠯᠠᠳᠬᠠᠯ ᠡᠷᠭᠦᠭ᠍ᠰᠡᠨ ᠦ ᠳᠠᠷᠠᠭ᠎ᠠ ᠬᠥᠭ᠍ᠵᠢᠮ ᠳᠥ ᠬᠣᠶᠠᠷ ᠤᠯᠤᠰ ᠤᠨ ᠲᠥᠷᠦ ᠢᠢᠨ ᠳᠠᠭᠤᠯᠠᠯ ᠡᠭᠡᠰᠢᠭᠯᠡᠪᠡ᠃ ᠮᠣᠩ᠋ᠭᠤᠯ ᠤᠯᠤᠰ ᠤᠨ ᠶᠡᠷᠦᠩᠬᠡᠢᠢᠯᠡᠭᠴᠢ ᠭᠡᠷᠭᠡᠶ ᠪᠣᠯᠤᠨ ᠬᠦᠨᠳᠦᠲᠦ ᠵᠣᠴᠢᠳ ᠤᠨ ᠬᠠᠮᠲᠤ ᠲᠥᠷᠦ ᠢᠢᠨ ᠶᠣᠰᠤᠯᠠᠯ ᠤᠨ ᠴᠡᠷᠢᠭ ᠦᠨ ᠴᠠᠭᠠᠨ ᠲᠤᠭ ᠲᠤ ᠮᠡᠬᠦᠢᠢᠨ ᠶᠤᠰᠤᠯᠠᠭᠰᠠᠨ ᠤ ᠳᠠᠷᠠᠭ᠎ᠠ ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠲᠥᠷᠦ ᠢᠢᠨ ᠬᠦᠨᠳᠦᠲᠦ ᠬᠠᠷᠠᠭᠤᠯ ᠤᠨ ᠴᠡᠷᠢᠭ ᠦᠳ ᠲᠡᠢ ᠮᠡᠨᠳᠦᠴᠢᠯᠡᠪᠡ᠃
ᠶᠡᠷᠦᠩᠬᠡᠢᠢᠯᠡᠭᠴᠢ ᠤ·ᠬᠦᠷᠡᠯᠰᠦ᠋ᠬᠡ᠂ ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠨᠠᠷ ᠤᠭᠲᠤᠬᠤ ᠶᠣᠰᠤᠯᠠᠯ ᠳᠤ ᠬᠦᠷᠦᠯᠴᠡᠨ ᠢᠷᠡᠭᠰᠡᠨ ᠠᠯᠪᠠᠨ ᠤ ᠬᠦᠮᠦᠰ ᠪᠣᠯᠤᠨ ᠮᠣᠩ᠋ᠭᠤᠯ ᠤᠯᠤᠰ ᠲᠤ ᠰᠠᠭᠤᠭ᠎ᠠ ᠳ᠋ᠢᠫᠯᠣᠮᠠᠲ ᠲᠥᠯᠦᠭᠡᠯᠡᠭᠴᠢ ᠢᠢᠨ ᠭᠠᠵᠠᠷ ᠤᠨ ᠲᠡᠷᠢᠭᠦᠨ᠂ ᠣᠯᠠᠨ ᠤᠯᠤᠰ ᠤᠨ ᠪᠠᠢᠢᠭᠤᠯᠤᠯᠭ᠎ᠠ ᠢᠢᠨ ᠲᠥᠯᠦᠭᠡᠯᠡᠭᠴᠢᠳ ᠲᠡᠢ ᠮᠡᠨᠳᠦᠴᠢᠯᠡᠵᠦ᠂ ᠶᠡᠬᠡ ᠡᠵᠡᠨ ᠴᠢᠩᠬᠢᠰ ᠬᠠᠭᠠᠨ ᠤ ᠬᠥᠰᠢᠶᠡᠨ ᠳᠥ ᠬᠦᠨᠳᠦᠳᠬᠡᠯ ᠦᠵᠡᠭᠦᠯᠦᠯ᠎ᠡ᠃
ᠳᠠᠷᠠᠭ᠎ᠠ ᠨᠢ ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠲᠥᠷᠦ ᠢᠢᠨ ᠣᠷᠳᠤᠨ ᠤ ᠬᠦᠨᠳᠦᠲᠦ ᠵᠣᠴᠢᠨ ᠤ ᠳᠡᠪᠲᠡᠷ ᠲᠥ ᠭᠠᠷ ᠤᠨ ᠦᠰᠦᠭ ᠵᠢᠷᠤᠯ᠎ᠠ᠃
ᠠᠢᠢᠯᠴᠢᠯᠠᠯ ᠤᠨ ᠬᠦᠷᠢᠶᠡᠨ ᠳᠥ ᠶᠡᠷᠦᠩᠬᠡᠢᠢᠯᠡᠭᠴᠢ ᠤ·ᠬᠦᠷᠡᠯᠰᠦ᠋ᠬᠡ᠂ ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠨᠠᠷ ᠠᠯᠪᠠᠨ ᠠᠭᠤᠯᠵᠠᠯᠲᠠ ᠬᠢᠵᠦ᠂ ᠤᠯᠤᠰ ᠲᠥᠷᠦ᠂ ᠬᠤᠳᠠᠯᠳᠤᠭ᠎ᠠ᠂ ᠬᠥᠷᠦᠩ᠋ᠭᠡ ᠣᠷᠤᠭᠤᠯᠤᠯᠲᠠ᠂ ᠪᠣᠯᠪᠠᠰᠤᠷᠠᠯ᠂ ᠬᠥᠳᠡᠭᠡ ᠠᠵᠤ ᠠᠬᠤᠶ ᠵᠡᠷᠭᠡ ᠪᠣᠯᠤᠮᠵᠢᠲᠤ ᠰᠠᠯᠪᠤᠷᠢ ᠳᠤ ᠥᠷᠭᠡᠵᠢᠭᠦᠯᠬᠦ᠂ ᠢᠷᠭᠡᠳ ᠬᠣᠭᠤᠷᠤᠨᠳᠤ ᠢᠢᠨ ᠬᠡᠯᠬᠢᠶ᠎ᠡ ᠬᠣᠯᠪᠤᠭ᠎ᠠ ᠢᠢ ᠪᠡᠬᠢᠵᠢᠭᠦᠯᠬᠦ᠂ ᠣᠯᠠᠨ ᠤᠯᠤᠰ᠂ ᠪᠦᠰᠡ ᠨᠤᠲᠤᠭ ᠤᠨ ᠲᠠᠪᠴᠠᠩ ᠳ᠋ᠠᠬᠢ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠬᠦ ᠲᠠᠯ᠎ᠠ ᠪᠠᠷ ᠰᠠᠨᠠᠯ ᠰᠣᠯᠢᠯᠴᠠᠨ᠎ᠠ᠃
ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ «ᠣᠭ᠍ᠶᠤ ᠲᠣᠯᠤᠭᠠᠶ» ᠲᠥᠰᠦᠯ᠂ «ᠡᠮᠡᠭᠲᠡᠢᠢᠴᠦᠳ ᠦᠨ ᠠᠭᠤᠷ ᠠᠮᠢᠰᠬᠤᠯ ᠤᠨ ᠥᠭᠡᠷᠡᠴᠢᠯᠡᠯᠲᠡ ᠢᠢ ᠳᠠᠪᠠᠨ ᠲᠤᠭᠤᠯᠬᠤ ᠴᠢᠳᠠᠪᠬᠢ ᠢᠢ ᠪᠡᠬᠢᠵᠢᠭᠦᠯᠬᠦ ᠬᠥᠲᠦᠯᠪᠦᠷᠢ»᠂ ᠨᠠᠯᠠᠢᠢᠬᠤ ᠢᠢᠨ ᠫᠣᠯᠢᠲ᠋ᠧᠭᠨᠢᠭ ᠦᠨ ᠻᠣᠯᠯᠧᠵᠢ ᠵᠡᠷᠭᠡ ᠬᠣᠶᠠᠷ ᠤᠯᠤᠰ ᠤᠨ ᠬᠠᠮᠲᠤᠷᠠᠨ ᠬᠡᠷᠡᠭᠵᠢᠭᠦᠯᠵᠦ ᠪᠠᠢᠢᠭ᠎ᠠ ᠲᠥᠰᠦᠯ᠂ ᠬᠥᠲᠦᠯᠪᠦᠷᠢ ᠢᠢᠨ ᠬᠡᠷᠡᠭᠵᠢᠯᠲᠡ ᠲᠡᠢ ᠲᠠᠨᠢᠯᠴᠠᠬᠤ ᠶᠤᠮ᠃
ᠮᠠᠨ ᠤ ᠬᠣᠶᠠᠷ ᠤᠯᠤᠰ ᠑᠙᠗᠒ ᠣᠨ ᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠪᠥᠭᠡᠳ ᠒᠐᠐᠗ ᠣᠨ ᠠᠴᠠ «ᠦᠷᠭᠡᠳᠭᠡᠭ᠍ᠰᠡᠨ ᠲᠦᠩᠰᠢᠯᠡᠯ» ᠊ᠦᠨ ᠬᠠᠷᠢᠯᠴᠠᠭ᠎ᠠ ᠢᠢ ᠬᠥᠭ᠍ᠵᠢᠭᠦᠯᠵᠦ ᠪᠠᠢᠢᠨ᠎ᠠ᠃
᠑᠙᠙᠔ ᠣᠨ ᠳᠤ ᠪᠤᠶᠤ ᠓᠑ ᠵᠢᠯ ᠦᠨ ᠡᠮᠦᠨ᠎ᠡ ᠠᠦ᠋ᠰᠲ᠋ᠷᠠᠯᠢᠶ᠎ᠠ ᠢᠢᠨ ᠬᠣᠯᠪᠤᠭᠠᠨ ᠤ ᠤᠯᠤᠰ ᠤᠨ ᠠᠮᠪᠠᠨ ᠵᠠᠬᠢᠷᠤᠭᠴᠢ ᠪᠢᠯᠯ ᠾᠧᠢᠢᠳᠧᠨ ᠮᠠᠨ ᠤ ᠤᠯᠤᠰ ᠲᠤ᠂ ᠑᠙᠙᠗ ᠣᠨ ᠳᠤ ᠶᠡᠷᠦᠩᠬᠡᠢᠢᠯᠡᠭᠴᠢ ᠫᠤ·ᠸᠴᠢᠷᠪᠠᠲᠤ ᠲᠤᠰ ᠤᠯᠤᠰ ᠲᠤ ᠠᠢᠢᠯᠴᠢᠯᠠᠵᠤ ᠪᠠᠢᠢᠭᠰᠠᠨ ᠲᠡᠦᠬᠡ ᠲᠡᠢ᠃
ᠠᠦ᠋ᠰᠲ᠋ᠷᠠᠯᠢᠶ᠎ᠠ ᠠᠴᠠ ᠮᠣᠩ᠋ᠭᠤᠯ ᠤᠯᠤᠰ ᠲᠤ ᠣᠷᠤᠭᠤᠯᠤᠭᠰᠠᠨ ᠰᠢᠭᠤᠳ ᠬᠥᠷᠦᠩ᠋ᠭᠡ ᠣᠷᠤᠭᠤᠯᠤᠯᠲᠠ ᠢᠢᠨ ᠬᠡᠮᠵᠢᠶ᠎ᠡ ᠖᠘᠐ ᠰᠠᠶ᠎ᠠ ᠠᠮ᠊·ᠳ᠋ᠣᠯᠯᠠᠷ᠃ «ᠷᠢᠣ᠋ ᠲᠢᠨ᠋ᠲ᠋ᠣ᠋᠂ «ᠵᠧᠢᠢᠳ᠋ ᠲᠣᠭᠠᠲᠤ»᠂ «ᠠᠰᠫᠠᠢᠢᠷ ᠮᠠᠢᠢᠨᠢᠩ» ᠵᠡᠷᠭᠡ ᠖᠐ ᠣᠷᠴᠢᠮ ᠠᠵᠤ ᠠᠬᠤᠶ ᠢᠢᠨ ᠨᠢᠭᠡᠴᠡ ᠮᠠᠨ ᠤ ᠳᠤ ᠦᠢᠯᠡ ᠠᠵᠢᠯᠯᠠᠭ᠎ᠠ ᠶᠠᠪᠤᠭᠤᠯᠳᠠᠭ ᠪᠥᠭᠡᠳ ᠑᠒ ᠨᠢ ᠠᠦ᠋ᠰᠲ᠋ᠷᠠᠯᠢᠶ᠎ᠠ ᠢᠢᠨ ᠬᠥᠷᠦᠩ᠋ᠭᠡ ᠢᠢᠨ ᠪᠢᠷᠵᠢ ᠳᠥ ᠪᠦᠷᠢᠳᠬᠡᠯ ᠲᠡᠢ᠃
ᠲᠤᠰ ᠤᠯᠤᠰ ᠮᠠᠨ ᠤ ᠤᠯᠤᠰ ᠲᠤ ᠑᠑᠐ ᠭᠠᠷᠤᠶ ᠰᠠᠶ᠎ᠠ ᠠᠮ᠊·ᠳ᠋ᠣᠯᠯᠠᠷ ᠤᠨ ᠲᠤᠰᠠᠯᠠᠮᠵᠢ ᠦᠵᠡᠭᠦᠯᠦᠭᠰᠡᠨ ᠦ ᠗᠐ ᠭᠠᠷᠤᠶ ᠬᠤᠪᠢ ᠨᠢ ᠪᠣᠯᠪᠠᠰᠤᠷᠠᠯ ᠤᠨ ᠰᠠᠯᠪᠤᠷᠢ ᠳᠤ ᠨᠣᠭᠳᠠᠳᠠᠭ᠃
᠑᠙᠙᠐ ᠣᠨ ᠠᠴᠠ ᠬᠣᠢᠢᠰᠢ ᠮᠠᠨ ᠤ ᠘᠕᠐ ᠭᠠᠷᠤᠶ ᠢᠷᠭᠡᠨ ᠠᠦ᠋ᠰᠲ᠋ᠷᠠᠯᠢᠶ᠎ᠠ ᠳᠤ ᠵᠠᠰᠠᠭ ᠤᠨ ᠭᠠᠵᠠᠷ ᠤᠨ ᠲᠡᠳᠬᠦᠯᠭᠡᠲᠦ ᠬᠥᠲᠦᠯᠪᠦᠷᠢ ᠳᠥ ᠨᠢ ᠬᠠᠮᠤᠷᠤᠭᠳᠠᠨ ᠪᠣᠯᠪᠠᠰᠤᠷᠠᠯ ᠡᠵᠡᠮᠰᠢᠭᠰᠡᠨ ᠪᠥᠭᠡᠳ ᠣᠳᠤ ᠔᠐ ᠣᠶᠤᠲᠠᠨ ᠰᠤᠷᠤᠯᠴᠠᠵᠤ ᠪᠠᠢᠢᠨ᠎ᠠ᠃
᠒᠐᠒᠒ ᠣᠨ ᠳᠤ ᠪᠠᠢᠢᠭᠤᠯᠤᠭᠰᠠᠨ ᠰᠠᠨᠠᠮᠵᠢ ᠪᠢᠴᠢᠭ᠌ ᠦᠨ ᠳᠠᠭᠠᠭᠤ ᠵᠢᠯ ᠪᠦᠷᠢ ᠑᠐᠐ ᠮᠣᠩ᠋ᠭᠤᠯ ᠢᠷᠭᠡᠨ ᠲᠤᠰ ᠤᠯᠤᠰ ᠲᠤ ᠨᠢᠭᠡ ᠵᠢᠯ ᠦᠨ ᠬᠤᠭᠤᠴᠠᠭ᠎ᠠ ᠲᠠᠢ ᠠᠵᠢᠯᠯᠠᠬᠤ᠂ ᠳᠥᠷᠪᠡᠨ ᠰᠠᠷ᠎ᠠ ᠬᠦᠷᠲᠡᠯᠡᠬᠢ ᠬᠤᠭᠤᠴᠠᠭᠠᠨ ᠳᠤ ᠰᠤᠷᠤᠯᠴᠠᠬᠤ ᠡᠷᠬᠡ ᠡᠳ᠋ᠯᠠᠳᠡᠭ ᠶᠤᠮ᠃
ᠥᠩ᠋ᠭᠡᠷᠡᠭᠰᠡᠨ ᠣᠨ ᠳᠤ ᠲᠣᠬᠢᠶᠠᠭᠰᠠᠨ ᠵᠤᠳ ᠤᠨ ᠦᠶ᠎ᠡ ᠪᠡᠷ ᠠᠦ᠋ᠰᠲ᠋ᠷᠠᠯᠢᠶ᠎ᠠ ᠢᠢᠨ ᠤᠯᠠᠭᠠᠨ ᠵᠠᠭᠠᠯᠮᠠᠶ ᠢᠢᠨ ᠨᠡᠢᠢᠭᠡᠮᠯᠢᠭ᠌ ᠢᠶᠡᠷ ᠳᠠᠮᠵᠢᠭᠤᠯᠤᠨ ᠒᠕᠐ ᠮᠢᠩ᠋ᠭᠠᠨ ᠠᠮ᠊·ᠳ᠋ᠣᠯᠯᠠᠷ ᠤᠨ ᠲᠤᠰᠠᠯᠠᠮᠵᠢ ᠦᠵᠡᠭᠦᠯᠵᠦ᠂ ᠵᠤᠳ ᠲᠤ ᠨᠡᠷᠪᠡᠭ᠍ᠳᠡᠭᠰᠡᠨ ᠖᠐᠐ ᠡᠷᠦᠬᠡ ᠳᠥ ᠪᠡᠯᠡᠨ ᠮᠥᠩ᠋ᠭᠦ᠂ ᠮᠠᠯ ᠤᠨ ᠡᠷᠦᠳᠡᠰᠦ ᠲᠡᠵᠢᠭᠡᠯ ᠦᠨ ᠪᠠᠭᠴᠠ ᠬᠦᠷᠭᠡᠵᠦ ᠪᠠᠢᠢᠯ᠎ᠠ᠃
ᠲᠤᠰ ᠤᠯᠤᠰ ᠲᠤ ᠒᠒ ᠮᠢᠩ᠋ᠭ᠎ᠠ ᠭᠠᠷᠤᠶ ᠮᠣᠩ᠋ᠭᠤᠯ ᠢᠷᠭᠡᠨ ᠠᠮᠢᠳᠤᠷᠠᠳᠠᠭ ᠤᠨ ᠗᠂᠐᠐᠐ ᠭᠠᠷᠤᠶ ᠨᠢ ᠰᠤᠷᠤᠯᠴᠠᠳᠠᠭ ᠪᠣᠯ ᠠᠦ᠋ᠰᠲ᠋ᠷᠠᠯᠢᠶ᠎ᠠ ᠢᠢᠨ ᠖᠐᠐ ᠢᠷᠭᠡᠨ ᠮᠠᠨ ᠤ ᠤᠯᠤᠰ ᠲᠤ ᠪᠠᠢᠢᠩ᠋ᠭᠤ ᠣᠷᠤᠰᠢᠨ ᠰᠠᠭᠤᠵᠤ᠂ ᠠᠵᠢᠯᠯᠠᠵᠤ ᠪᠠᠢᠢᠨ᠎ᠠ᠃
᠑᠙᠙᠘ ᠣᠨ ᠠᠴᠠ ᠬᠣᠢᠢᠰᠢ ᠲᠤᠰ ᠤᠯᠤᠰ ᠤᠨ ᠰᠠᠢᠢᠨ ᠳᠤᠷ᠎ᠠ ᠢᠢᠨ ᠓᠐᠐ ᠭᠠᠷᠤᠶ ᠠᠵᠢᠯᠲᠠᠨ ᠮᠣᠩ᠋ᠭᠤᠯ ᠤᠯᠤᠰ ᠲᠤ ᠠᠵᠢᠯᠯᠠᠵᠠᠶ᠃















