ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠠᠦ᠋ᠰᠲ᠋ᠷᠠᠯᠢᠶ᠎ᠠ ᠢᠢᠨ ᠬᠣᠯᠪᠤᠭᠠᠨ ᠤ ᠤᠯᠤᠰ ᠤᠨ ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠲᠥᠷᠦ ᠢᠢᠨ ᠠᠢᠢᠯᠴᠢᠯᠠᠯ ᠬᠢᠵᠦ ᠪᠠᠢᠢᠨ᠎ᠠ᠃
ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠂ ᠨᠥᠬᠦᠷ ᠰᠢᠮᠸᠣᠨ ᠪᠧᠻᠧᠲ᠋ᠲ᠋ ᠨᠠᠷ «ᠴᠢᠩᠬᠢᠰ ᠬᠠᠭᠠᠨ» ᠦᠨᠳᠦᠰᠦᠨ ᠦ ᠮᠦᠽᠧᠶ ᠳᠥ ᠵᠣᠴᠢᠯᠠᠯ᠎ᠠ᠃

ᠬᠦᠨᠳᠦᠲᠦ ᠵᠣᠴᠢᠳ ᠢ ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠰᠠᠢᠢᠳ ᠴᠢ᠊·ᠤᠨᠳᠤᠷᠤᠮ᠎ᠠ᠂ «ᠴᠢᠩᠬᠢᠰ ᠬᠠᠭᠠᠨ» ᠦᠨᠳᠦᠰᠦᠨ ᠦ ᠮᠦᠽᠧᠶ ᠢᠢᠨ ᠵᠠᠬᠢᠷᠤᠯ ᠰ᠊·ᠴᠢᠯᠠᠭᠤᠨ ᠨᠠᠷ ᠤᠭᠲᠤᠨ ᠠᠪᠴᠤ᠂ ᠮᠣᠩ᠋ᠭᠤᠯ ᠤᠨ ᠡᠷᠲᠡᠨ ᠦ ᠲᠥᠷᠦᠲᠦ ᠤᠯᠤᠰ ᠤᠨ ᠲᠠᠩᠬᠢᠮ᠂ ᠶᠡᠬᠡ ᠮᠣᠩ᠋ᠭᠤᠯ ᠤᠯᠤᠰ ᠤᠨ ᠲᠠᠩᠬᠢᠮ᠂ ᠶᠡᠬᠡ ᠬᠠᠭᠠᠨ ᠤ ᠥᠷᠭᠦᠭᠡ ᠢᠢ ᠲᠠᠨᠢᠯᠴᠠᠭᠤᠯᠤᠯ᠎ᠠ᠃
ᠠᠮᠪᠠᠨ ᠵᠠᠬᠢᠷᠤᠭᠴᠢ ᠰᠠᠮᠠᠨ᠋ᠲ᠋ᠾᠠ ᠮᠣᠰᠲ᠋ᠢᠨ ᠮᠦᠽᠧᠶ ᠢᠢᠨ «ᠬᠦᠨᠳᠦᠲᠦ ᠵᠣᠴᠢᠨ ᠤ ᠳᠡᠪᠲᠡᠷ»ᠲ᠋ᠥ ᠰᠡᠳᠬᠢᠭᠳᠡᠯ ᠢᠶᠡᠨ ᠪᠢᠴᠢᠵᠦ᠂ ᠭᠠᠷ ᠤᠨ ᠦᠰᠦᠭ ᠢᠶᠡᠨ ᠵᠢᠷᠤᠪᠠ᠃

ᠮᠥᠨ ᠡᠳᠦᠷ ᠠᠮᠪᠠᠨ ᠵᠠᠬᠢᠷᠤᠭᠴᠢ ᠨᠥᠬᠦᠷ ᠦᠨ ᠬᠠᠮᠲᠤ «ᠡᠮᠡᠭᠲᠡᠢᠢᠴᠦᠳ ᠦᠨ ᠠᠭᠤᠷ ᠠᠮᠢᠰᠬᠤᠯ ᠤᠨ ᠥᠭᠡᠷᠡᠴᠢᠯᠡᠯᠲᠡ ᠢᠢ ᠳᠠᠪᠠᠨ ᠲᠤᠭᠤᠯᠬᠤ ᠴᠢᠳᠠᠪᠬᠢ ᠢᠢ ᠪᠡᠬᠢᠵᠢᠭᠦᠯᠬᠦ ᠬᠥᠲᠦᠯᠪᠦᠷᠢ» ᠊ᠢᠢᠨ ᠬᠡᠷᠡᠭᠵᠢᠯᠲᠡ ᠲᠡᠢ ᠲᠠᠨᠢᠯᠴᠠᠯ᠎ᠠ᠃
ᠠᠦ᠋ᠰᠲ᠋ᠷᠠᠯᠢᠶ᠎ᠠ ᠢᠢᠨ ᠵᠠᠰᠠᠭ ᠤᠨ ᠭᠠᠵᠠᠷ ᠤᠨ 2·5 ᠰᠠᠶ᠎ᠠ ᠠᠮ᠊·ᠳ᠋ᠣᠯᠯᠠᠷ ᠤᠨ ᠰᠠᠩᠬᠦᠵᠢᠯᠲᠡ ᠲᠡᠢ ᠡᠨᠡ ᠬᠥᠲᠦᠯᠪᠦᠷᠢ ᠢᠢ ᠥᠩ᠋ᠭᠡᠷᠡᠭᠰᠡᠨ ᠣᠨ ᠠᠴᠠ ᠲᠠᠪᠤᠨ ᠵᠢᠯ ᠦᠨ ᠬᠤᠭᠤᠴᠠᠭ᠎ᠠ ᠲᠠᠢ ᠬᠡᠷᠡᠭᠵᠢᠭᠦᠯᠵᠦ ᠪᠠᠢᠢᠭ᠎ᠠ ᠶᠤᠮ᠃
ᠡᠷᠬᠢᠮ ᠵᠣᠴᠢᠳ ᠮᠥᠨ ᠲᠥᠷᠦ ᠢᠢᠨ ᠪᠤᠰᠤ ᠪᠠᠢᠢᠭᠤᠯᠤᠯᠭ᠎ᠠ᠂ ᠢᠷᠭᠡᠨ ᠦ ᠨᠡᠢᠢᠭᠡᠮ᠂ ᠠᠦ᠋ᠰᠲ᠋ᠷᠠᠯᠢᠶ᠎ᠠ ᠢᠢᠨ ᠰᠠᠢᠢᠨ ᠳᠤᠷ᠎ᠠ ᠢᠢᠨ ᠠᠵᠢᠯᠲᠠᠨ ᠨᠤᠭᠤᠳ᠂ ᠠᠦ᠋ᠰᠲ᠋ᠷᠠᠯᠢᠶ᠎ᠠ ᠢᠢᠨ ᠵᠠᠰᠠᠭ ᠤᠨ ᠭᠠᠵᠠᠷ ᠤᠨ ᠲᠡᠳᠬᠦᠯᠭᠡ ᠪᠣᠯᠤᠨ ᠪᠠᠲᠤᠯᠠᠨ ᠬᠠᠮᠠᠭᠠᠯᠠᠬᠤ ᠢᠢᠨ ᠴᠢᠭᠯᠡᠯ ᠢᠶᠡᠷ ᠰᠤᠷᠤᠯᠴᠠᠵᠤ ᠲᠡᠭᠦᠰᠦᠭᠰᠡᠨ ᠢᠷᠭᠡᠳ ᠦᠨ ᠲᠥᠯᠦᠭᠡᠯᠡᠯ ᠲᠡᠢ ᠠᠭᠤᠯᠵᠠᠯ᠎ᠠ᠃

