ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤᠬᠤᠨ᠎ᠠ ᠢᠢᠨ ᠬᠦᠷᠡᠯᠰᠦ᠋ᠬᠡ ᠤᠯᠤᠰ ᠤᠨ ᠤᠤᠭᠠᠨ ᠡᠮᠨᠡᠯᠭᠡ ᠪᠣᠯᠬᠤ ᠴᠡᠷᠢᠭ ᠦᠨ ᠲᠥᠪ ᠡᠮᠨᠡᠯᠭᠡ ᠳᠥ ᠠᠵᠢᠯᠯᠠᠯ᠎ᠠ᠃
ᠴᠡᠷᠢᠭ ᠦᠨ ᠲᠥᠪ ᠡᠮᠨᠡᠯᠭᠡ ᠢᠢᠨ ᠳᠠᠷᠤᠭ᠎ᠠ-ᠶᠡᠷᠦᠩᠬᠡᠶ ᠡᠮᠴᠢ᠂ ᠬᠤᠷᠠᠩᠳᠠ ᠪ᠊·ᠪᠣᠯᠤᠷ-ᠡᠷᠳᠡᠨᠢ ᠪᠣᠯᠤᠨ ᠬᠣᠯᠪᠤᠭᠳᠠᠬᠤ ᠤᠳᠤᠷᠢᠳᠤᠯᠭ᠎ᠠ ᠨᠤᠭᠤᠳ ᠲᠥᠪ ᠡᠮᠨᠡᠯᠭᠡ᠂ ᠠᠮᠪᠦ᠋ᠯᠠᠲ᠋ᠣᠷᠢ᠂ ᠬᠣᠣᠷᠠᠳᠠᠯᠭᠠ ᠢᠢᠨ ᠶᠠᠭᠠᠷᠠᠯᠲᠠᠢ ᠲᠤᠰᠠᠯᠠᠮᠵᠢ ᠢᠢᠨ ᠲᠥᠪ᠂ ᠬᠡᠭᠡᠷ᠎ᠡ ᠢᠢᠨ ᠡᠮᠨᠡᠯᠭᠡ ᠢᠢᠨ ᠦᠢᠯᠡ ᠠᠵᠢᠯᠯᠠᠭ᠎ᠠ ᠢᠢ ᠲᠠᠨᠢᠯᠴᠠᠭᠤᠯᠤᠯ᠎ᠠ᠃
ᠠᠷᠠᠳ ᠢᠷᠭᠡᠳ ᠲᠡᠳᠦᠶ ᠦᠭᠡᠢ ᠵᠡᠪᠰᠡᠭᠲᠦ ᠬᠦᠴᠦᠨ ᠦ ᠪᠡᠶ᠎ᠡ ᠪᠦᠷᠢᠯᠳᠦᠬᠦᠨ ᠳᠥ ᠡᠮᠨᠡᠯᠭᠡ ᠢᠢᠨ ᠲᠤᠰᠠᠯᠠᠮᠵᠢ᠂ ᠦᠢᠯᠡᠴᠢᠯᠡᠭᠡ ᠢᠢ ᠲᠠᠰᠤᠷᠠᠯᠲᠠ ᠦᠭᠡᠢ ᠦᠵᠡᠭᠦᠯᠬᠦ ᠡᠭᠦᠷᠭᠡ ᠪᠡᠨ ᠨᠡᠷ᠎ᠡ ᠲᠥᠷᠦ ᠲᠡᠢ ᠪᠡᠶᠡᠯᠡᠭᠦᠯᠵᠦ ᠪᠠᠢᠢᠭ᠎ᠠ ᠡᠮᠨᠡᠯᠭᠡ ᠢᠢᠨ ᠬᠠᠮᠲᠤ ᠣᠯᠠᠨ᠂ ᠲᠡᠳᠡᠨ ᠦ ᠨᠠᠢᠢᠳᠠᠪᠤᠷᠢᠲᠠᠢ ᠠᠷᠤ ᠲᠠᠯ᠎ᠠ ᠨᠢ ᠪᠣᠯᠤᠭᠰᠠᠨ ᠭᠡᠷ ᠪᠦᠯᠢ ᠳᠥ ᠨᠢ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠲᠠᠯᠠᠷᠬᠠᠯ ᠢᠯᠡᠷᠬᠡᠢᠢᠯᠡᠵᠦ᠂ ᠠᠮᠵᠢᠯᠲᠠ ᠬᠦᠰᠡᠨ ᠢᠷᠦᠭᠡᠯ᠎ᠡ᠃
ᠡᠮᠨᠡᠯᠭᠡ ᠳᠥ ᠪᠡᠨ ᠠᠩᠬ᠎ᠠ ᠤᠳᠠᠭ᠎ᠠ ᠵᠢᠷᠦᠬᠡᠨ ᠦ ᠲᠢᠲᠢᠮ ᠰᠤᠳᠠᠰᠤᠨ ᠳᠣᠲᠤᠭᠤᠷᠬᠢ ᠧᠾᠣ᠋ ᠣᠨᠤᠰᠢᠯᠠᠭ᠎ᠠ ᠬᠢᠨ᠂ ᠬᠣᠶᠠᠷ ᠤᠳᠠᠭ᠎ᠠ ᠠᠮᠢᠳᠤ ᠳ᠋ᠣᠨᠤᠷ ᠠᠴᠠ ᠪᠥᠭᠡᠷ᠎ᠡ ᠰᠢᠯᠵᠢᠭᠦᠯᠦᠨ ᠰᠠᠭᠤᠯᠭᠠᠵᠤ᠂ ᠴᠢᠨᠠᠭᠰᠢᠳᠠ ᠪᠤᠰᠤᠳ ᠮᠡᠰᠡ ᠵᠠᠰᠠᠯ ᠢ ᠰᠢᠨ᠎ᠡ ᠪᠡᠷ ᠨᠤᠲᠤᠭᠰᠢᠭᠤᠯᠬᠤ ᠭᠡᠵᠦ ᠪᠠᠢᠢᠭ᠎ᠠ ᠨᠢ ᠠᠷᠠᠳ ᠢᠷᠭᠡᠳ᠂ ᠴᠡᠷᠢᠭ ᠳᠠᠢᠢᠴᠢᠳ ᠤᠨ ᠡᠷᠡᠭᠦᠯ ᠮᠡᠨᠳᠦ ᠢᠢ ᠬᠠᠮᠠᠭᠠᠯᠠᠬᠤ ᠦᠢᠯᠡ ᠬᠡᠷᠡᠭ ᠲᠥ ᠣᠷᠤᠭᠤᠯᠵᠤ ᠪᠤᠢ ᠲᠣᠮᠣᠬᠠᠨ ᠠᠬᠢᠴᠠ ᠳᠡᠪᠰᠢᠯ ᠭᠡᠳᠡᠭ ᠢ ᠲᠡᠮᠳᠡᠭᠯᠡᠯ᠎ᠡ᠃
ᠴᠠᠷ ᠲᠠᠬᠤᠯ ᠤᠨ ᠵᠢᠯ ᠦᠳ ᠲᠥ ᠡᠮᠨᠡᠯᠭᠡ ᠢᠢᠨ ᠬᠠᠮᠲᠤ ᠣᠯᠠᠨ ᠡᠷᠭᠦᠭ᠍ᠰᠡᠨ ᠲᠠᠩ᠋ᠭᠠᠷᠢᠭ ᠲᠤ ᠪᠠᠨ ᠦᠨᠡᠨᠴᠢ ᠪᠠᠢᠢᠵᠤ᠂ ᠠᠷᠠᠳ ᠢᠷᠭᠡᠳ ᠦᠨ ᠠᠮᠢ ᠨᠠᠰᠤ᠂ ᠡᠷᠡᠭᠦᠯ ᠮᠡᠨᠳᠦ ᠢᠢ ᠬᠠᠮᠠᠭᠠᠯᠠᠬᠤ ᠳᠤ ᠦᠨ᠎ᠡ ᠲᠡᠢ ᠬᠤᠪᠢ ᠨᠡᠮᠡᠷᠢ ᠣᠷᠤᠭᠤᠯᠤᠭᠰᠠᠨ ᠢ ᠣᠨᠴᠠᠯᠠᠯ᠎ᠠ᠃
ᠮᠥᠨ «ᠡᠷᠡᠭᠦᠯ ᠮᠣᠩ᠋ᠭᠤᠯ ᠬᠦᠮᠦᠨ»᠂ «ᠲᠡᠷᠪᠤᠮ ᠮᠣᠳᠤ»᠂ «ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ» ᠭᠡᠰᠡᠨ ᠬᠣᠭᠤᠷᠤᠨᠳᠤ ᠪᠠᠨ ᠨᠢᠭ᠌ᠲᠠ ᠤᠶᠠᠯᠳᠤᠭ᠎ᠠ ᠲᠠᠢ ᠦᠨᠳᠦᠰᠦᠨ ᠦ ᠭᠤᠷᠪᠠᠨ ᠬᠥᠳᠡᠯᠭᠡᠭᠡᠨ ᠳᠥ ᠢᠳᠡᠪᠬᠢᠲᠡᠢ ᠣᠷᠤᠯᠴᠠᠵᠤ ᠪᠠᠢᠢᠭᠠᠳ ᠲᠠᠯᠠᠷᠬᠠᠯ ᠢᠯᠡᠷᠬᠡᠢᠢᠯᠡᠯ᠎ᠡ᠃
ᠴᠢᠨᠠᠭᠰᠢᠳᠠ ᠡᠮᠴᠢ᠂ ᠠᠵᠢᠯᠲᠠᠨ ᠨᠤᠭᠤᠳ ᠢᠶᠠᠨ ᠪᠡᠯᠡᠳᠬᠡᠬᠦ᠂ ᠳᠠᠪᠲᠠᠨ ᠰᠤᠷᠭᠠᠬᠤ᠂ ᠭᠠᠳᠠᠭᠠᠳᠤ ᠬᠠᠮᠲᠤ ᠢᠢᠨ ᠠᠵᠢᠯᠯᠠᠭ᠎ᠠ ᠪᠠᠨ ᠥᠷᠭᠡᠵᠢᠭᠦᠯᠬᠦ᠂ ᠢᠷᠭᠡᠳ ᠢ ᠡᠪᠡᠳᠦᠭᠰᠡᠨ ᠬᠣᠢᠢᠨ᠎ᠠ ᠨᠢ ᠡᠮᠴᠢᠯᠠᠬᠦ ᠪᠤᠰᠤ᠂ ᠡᠪᠡᠳᠬᠦ ᠡᠴᠡ ᠤᠷᠢᠳᠴᠢᠯᠠᠨ ᠰᠡᠷᠭᠡᠢᠢᠯᠡᠬᠦ᠂ ᠲᠡᠭᠦᠨ ᠦ ᠳᠣᠲᠤᠷ᠎ᠠ ᠨᠡᠢᠢᠲᠡ ᠢᠢᠨ ᠪᠡᠶ᠎ᠡ ᠢᠢᠨ ᠲᠠᠮᠢᠷ᠂ ᠰᠫᠣᠷᠲ ᠢᠶᠠᠷ ᠬᠢᠴᠢᠶᠡᠯᠯᠡᠬᠦ ᠢᠢᠨ ᠠᠴᠢ ᠲᠤᠰ ᠢ ᠬᠦᠮᠦᠨ ᠪᠦᠷᠢ ᠳᠥ ᠰᠤᠷᠲᠠᠯᠴᠢᠯᠠᠨ ᠲᠠᠨᠢᠭᠤᠯᠬᠤ᠂ ᠰᠣᠶᠣᠨ ᠭᠡᠭᠡᠷᠡᠭᠦᠯᠬᠦ ᠴᠢᠭᠯᠡᠯ ᠢᠶᠡᠷ ᠮᠠᠩᠯᠠᠢᠢᠯᠠᠨ ᠠᠵᠢᠯᠯᠠᠬᠤ ᠢᠢ ᠬᠦᠰᠡᠯ᠎ᠡ᠃


ᠲᠤᠰ ᠡᠮᠨᠡᠯᠭᠡ ᠬᠣᠣᠷᠠᠳᠠᠯᠭᠠ ᠢᠢᠨ ᠶᠠᠭᠠᠷᠠᠯᠲᠠᠢ ᠲᠤᠰᠠᠯᠠᠮᠵᠢ ᠢᠢᠨ ᠦᠨᠳᠦᠰᠦᠨ ᠦ ᠲᠥᠪ᠂ ᠤᠳᠤᠷᠢᠳᠤᠯᠭ᠎ᠠ᠂ ᠱᠲ᠋ᠠᠪ᠂ ᠡᠮᠨᠡᠯᠭᠡ ᠠᠩ᠋ᠭᠢ᠂ ᠫᠣᠯᠢᠻᠯᠢᠨᠢᠻ᠂ ᠠᠷᠤ ᠲᠠᠯ᠎ᠠ᠂ ᠬᠠᠩ᠋ᠭᠠᠯᠲᠠ ᠢᠢᠨ ᠠᠯᠪᠠ ᠲᠠᠢ᠃
ᠤᠯᠤᠰ ᠤᠨ ᠬᠡᠮᠵᠢᠶᠡᠨ ᠳᠥ ᠭᠠᠯᠲᠤ ᠵᠡᠪᠰᠡᠭ᠂ ᠬᠢᠲᠤᠭ᠎ᠠ ᠮᠡᠰᠡ ᠢᠢᠨ ᠭᠡᠮᠲᠦᠯ᠂ ᠲᠥᠷᠦᠯ ᠪᠦᠷᠢ ᠢᠢᠨ ᠬᠣᠣᠷᠠᠳᠠᠯᠭᠠ ᠢᠢᠨ ᠶᠠᠭᠠᠷᠠᠯᠲᠠᠢ ᠲᠤᠰᠠᠯᠠᠮᠵᠢ ᠦᠵᠡᠭᠦᠯᠳᠡᠭ ᠢᠢᠡᠷ ᠢᠶᠡᠨ ᠤᠯᠤᠰ ᠤᠨ ᠴᠢᠨᠠᠷᠲᠠᠶ ᠪᠤᠰᠤᠳ ᠲᠣᠮᠣᠬᠠᠨ ᠡᠮᠨᠡᠯᠭᠡ ᠡᠴᠡ ᠢᠯᠭᠠᠷᠠᠳᠠᠭ᠃
2025 ᠣᠨ ᠢ «ᠡᠷᠦᠭᠡ ᠪᠦᠷᠢ ᠳᠥ ᠬᠠᠨᠳᠤᠯᠭ᠎ᠠ-ᠦᠢᠯᠡᠳᠦᠯ ᠪᠦᠷᠢ ᠳᠥ ᠴᠢᠨᠠᠷ» ᠤᠷᠢᠶᠠᠨ ᠳᠣᠣᠷ᠎ᠠ ᠡᠮᠨᠡᠯᠭᠡ ᠢᠢᠨ ᠲᠤᠰᠠᠯᠠᠮᠵᠢ᠂ ᠦᠢᠯᠡᠴᠢᠯᠡᠭᠡᠨ ᠦ ᠴᠢᠨᠠᠷ ᠤᠨ ᠵᠢᠯ ᠪᠣᠯᠭᠠᠨ ᠠᠵᠢᠯᠯᠠᠵᠤ ᠪᠠᠢᠢᠨ᠎ᠠ᠃
ᠴᠡᠷᠢᠭ ᠦᠨ ᠲᠥᠪ ᠡᠮᠨᠡᠯᠭᠡ ᠢᠢᠨ 1.200 ᠭᠠᠷᠤᠶ ᠡᠮᠴᠢ᠂ ᠮᠡᠷᠭᠡᠵᠢᠯᠲᠡᠨ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠡᠩᠬᠡ ᠢᠢ ᠳᠡᠮᠵᠢᠬᠦ ᠠᠵᠢᠯᠯᠠᠭᠠᠨ ᠳᠤ ᠣᠷᠤᠯᠴᠠᠭᠰᠠᠨ ᠪᠥᠭᠡᠳ ᠴᠡᠷᠢᠭ ᠦᠨ ᠪᠠᠭ ᠨᠢ ᠣᠳᠤ ᠴᠦ ᠪᠦᠭᠦᠳᠡ ᠨᠠᠢᠢᠷᠠᠮᠳᠠᠬᠤ ᠡᠮᠦᠨᠡᠳᠦ ᠰᠦᠳ᠋ᠠᠨ᠂ ᠯᠢᠸᠠᠨ ᠳᠤ ᠡᠭᠦᠷᠭᠡ ᠭᠦᠢᠴᠡᠳᠬᠡᠵᠦ ᠪᠠᠢᠢᠨ᠎ᠠ᠃
ᠡᠮᠨᠡᠯᠭᠡ ᠢᠢᠨ ᠠᠯᠪᠠ ᠬᠠᠭᠠᠭᠴᠢᠳ ᠮᠥᠨ ᠲᠦᠷᠻ ᠤᠯᠤᠰ ᠲᠤ ᠪᠣᠯᠤᠭᠰᠠᠨ ᠬᠦᠴᠦᠲᠡᠢ ᠭᠠᠵᠠᠷ ᠬᠥᠳᠡᠯᠦᠯᠲᠡ ᠢᠢᠨ ᠳᠠᠷᠠᠭᠠᠬᠢ ᠡᠷᠢᠨ ᠬᠠᠢᠢᠬᠤ᠂ ᠠᠪᠤᠷᠠᠬᠤ᠂ ᠡᠮᠨᠡᠯᠭᠡ᠂ ᠬᠦᠮᠦᠨᠯᠢᠭ ᠦᠨ ᠲᠤᠰᠠᠯᠠᠮᠵᠢ ᠦᠵᠡᠭᠦᠯᠬᠦ ᠠᠵᠢᠯᠯᠠᠭᠠᠨ ᠳᠤ ᠡᠬᠡ ᠣᠷᠤᠨ ᠢᠶᠠᠨ ᠲᠥᠯᠦᠭᠡᠯᠡᠨ ᠣᠷᠤᠯᠴᠠᠭᠰᠠᠨ ᠶᠤᠮ᠃


ᠴᠡᠷᠢᠭ ᠦᠨ ᠲᠥᠪ ᠡᠮᠨᠡᠯᠭᠡ 1921 ᠣᠨ ᠳᠤ ᠵᠠᠩᠵᠤᠨ ᠳᠠ᠊·ᠰᠦᠬᠡᠪᠠᠭᠠᠲᠤᠷ ᠤᠨ ᠰᠠᠨᠠᠭᠠᠴᠢᠯᠠᠭ᠎ᠠ ᠪᠠᠷ ᠪᠠᠢᠢᠭᠤᠯᠤᠭᠳᠠᠭᠰᠠᠨ᠃ ᠡᠮᠨᠡᠯᠭᠡ ᠢᠢᠨ ᠡᠮᠴᠢ᠂ ᠠᠵᠢᠯᠲᠠᠨ ᠨᠤᠭᠤᠳ ᠬᠠᠯᠬ᠎ᠠ ᠢᠢᠨ ᠭᠣᠣᠯ ᠤᠨ ᠳᠠᠢᠢᠨ᠂ ᠴᠢᠯᠦᠭᠡᠯᠡᠬᠦ ᠳᠠᠢᠢᠨ᠂ ᠪᠠᠷᠠᠭᠤᠨ ᠬᠢᠯᠢ ᠢᠢᠨ ᠲᠤᠯᠭᠠᠷᠠᠯᠲᠠ ᠳᠤ ᠣᠷᠤᠯᠴᠠᠵᠤ᠂ ᠭᠠᠯ ᠤᠨ ᠱᠤᠭᠤᠮ ᠠᠴᠠ ᠡᠪᠡᠳᠴᠢᠲᠡᠨ᠂ ᠰᠢᠷᠬᠠᠲᠠᠨ ᠨᠤᠭᠤᠳ ᠢ ᠲᠠᠲᠠᠨ ᠭᠠᠷᠭᠠᠬᠤ᠂ ᠴᠡᠷᠢᠭ ᠳᠠᠢᠢᠴᠢᠳ ᠢ ᠡᠮᠴᠢᠯᠠᠬᠦ᠂ ᠬᠡᠭᠡᠷ᠎ᠡ ᠢᠢᠨ ᠡᠮᠨᠡᠯᠭᠡ ᠨᠤᠭᠦᠳ ᠪᠠᠢᠢᠭᠤᠯᠬᠤ᠂ ᠱᠠᠲᠤᠯᠠᠭᠰᠠᠨ ᠡᠮᠴᠢᠯᠡᠭᠡ ᠬᠢᠬᠦ ᠵᠡᠷᠭᠡ ᠪᠡᠷ ᠲᠥᠷᠦ᠂ ᠵᠠᠰᠠᠭ᠂ ᠴᠡᠷᠢᠭ ᠦᠨ ᠳᠡᠭᠡᠳᠦ ᠻᠣᠮᠠᠨ᠋ᠳ᠋᠋ᠯᠠᠯ ᠠᠴᠠ ᠥᠭ᠍ᠭᠦᠭ᠍ᠰᠡᠨ ᠡᠭᠦᠷᠭᠡ ᠢᠢ ᠨᠡᠷ᠎ᠡ ᠲᠥᠷᠦ ᠲᠡᠢ ᠪᠡᠶᠡᠯᠡᠭᠦᠯᠵᠦ ᠪᠠᠢᠢᠭᠰᠠᠨ ᠲᠡᠦᠬᠡ ᠲᠡᠢ᠃




