«ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠮᠣᠩ᠋ᠭᠤᠯ᠂ ᠶᠠᠪᠣᠨ ᠤ ᠣᠶᠤᠲᠠᠨ ᠵᠠᠯᠠᠭᠤᠰ ᠤᠨ ᠪᠠᠢᠢᠭᠠᠯᠢ ᠣᠷᠴᠢᠨ ᠢ ᠬᠠᠮᠠᠭᠠᠯᠠᠬᠤ᠂ ᠨᠥᠬᠦᠨ ᠰᠡᠷᠭᠦᠭᠡᠬᠦ ᠦᠢᠯᠡᠰ ᠲᠥ ᠣᠷᠤᠭᠤᠯᠬᠤ ᠬᠤᠪᠢ ᠨᠡᠮᠡᠷᠢ᠂ ᠣᠷᠤᠯᠴᠠᠭ᠎ᠠ ᠢᠢ ᠨᠡᠮᠡᠭᠳᠡᠭᠦᠯᠬᠦ ᠵᠣᠷᠢᠯᠭ᠎ᠠ ᠪᠠᠷ ᠭᠠᠳᠠᠭᠠᠳᠤ ᠬᠠᠷᠢᠯᠴᠠᠭᠠᠨ ᠤ ᠶᠠᠮᠤᠨ ᠳᠤ «ᠮᠣᠩ᠋ᠭᠤᠯ᠂ ᠶᠠᠫᠣᠨ ᠤ ᠣᠶᠤᠲᠠᠨ ᠵᠠᠯᠠᠭᠤᠴᠤᠳ ᠤᠨ ᠰᠣᠯᠢᠯᠴᠠᠭᠠᠨ ᠤ II ᠹᠣᠷᠦᠢᠮ» ᠵᠣᠬᠢᠶᠠᠨ ᠪᠠᠢᠢᠭᠤᠯᠤᠯ᠎ᠠ᠃
ᠣᠶᠤᠲᠠᠨ ᠵᠠᠯᠠᠭᠤᠰ ᠪᠠᠢᠢᠭᠠᠯᠢ ᠣᠷᠴᠢᠨ ᠤ ᠬᠠᠮᠠᠭᠠᠯᠠᠯ᠂ ᠡᠻᠣᠰᠢᠰᠲ᠋ᠧᠮ ᠦᠨ ᠨᠥᠬᠦᠨ ᠰᠡᠷᠭᠦᠭᠡᠯᠲᠡ᠂ ᠴᠥᠯᠵᠢᠯᠲᠡ᠂ ᠭᠠᠵᠠᠷ ᠤᠨ ᠳᠣᠷᠤᠢᠢᠲᠠᠯ ᠢ ᠪᠠᠭᠤᠷᠠᠭᠤᠯᠬᠤ᠂ ᠣᠢᠢᠵᠢᠭᠤᠯᠤᠯᠲᠠ᠂ ᠨᠥᠬᠦᠨ ᠰᠡᠷᠭᠦᠭᠡᠯᠲᠡ᠂ ᠬᠥᠷᠦᠰᠦᠨ ᠦ ᠪᠢᠴᠢᠯ ᠣᠷᠭᠠᠨᠢᠰᠮ ᠤᠨ ᠨᠥᠯᠦᠭᠡᠯᠡᠯ᠂ ᠬᠣᠲᠠ ᠰᠠᠭᠤᠷᠢᠨ ᠭᠠᠵᠠᠷ ᠤᠨ ᠨᠣᠭᠤᠭᠠᠨ ᠪᠠᠢᠢᠭᠤᠯᠤᠮᠵᠢ᠂ ᠬᠠᠭᠤᠷᠠᠶ ᠰᠡᠷᠢᠭᠦᠨ ᠪᠦᠰᠡ ᠢᠢᠨ ᠣᠢᠢᠵᠢᠭᠤᠯᠤᠯᠲᠠ᠂ ᠮᠣᠳᠤ ᠲᠠᠷᠢᠬᠤ ᠠᠷᠭ᠎ᠠ᠂ ᠲᠧᠭᠨᠣᠯᠤᠭᠢ ᠢᠢᠨ ᠲᠠᠯ᠎ᠠ ᠪᠠᠷ ᠢᠯᠡᠳᠬᠡᠯ ᠲᠠᠯᠪᠢᠵᠤ᠂ ᠬᠡᠯᠡᠯᠴᠡᠭᠦᠯᠭᠡ ᠥᠷᠨᠢᠭᠦᠯᠦᠯ᠎ᠡ᠃
ᠹᠣᠷᠦᠢᠮ ᠳᠤ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠬᠦᠷᠢᠶᠡᠯᠡᠩ ᠪᠤᠢ ᠣᠷᠴᠢᠨ᠂ ᠣᠢ ᠢᠢᠨ ᠢᠨ᠋ᠵᠧᠨᠧᠷᠴᠢᠯᠡᠯ ᠦᠨ ᠲᠢᠩᠬᠢᠮ᠂ ᠬᠥᠳᠡᠭᠡ ᠠᠵᠤ ᠠᠬᠤᠶ ᠢᠢᠨ ᠶᠡᠬᠡ ᠰᠤᠷᠭᠠᠭᠤᠯᠢ ᠢᠢᠨ ᠠᠭᠷᠣ᠋-ᠡᠻᠣᠯᠣᠭᠢ ᠢᠢᠨ ᠰᠤᠷᠭᠠᠭᠤᠯᠢ᠂ ᠶᠠᠫᠣᠨ ᠤᠯᠤᠰ ᠤᠨ ᠣᠻᠠᠶᠠᠮᠠ᠂ ᠸᠠᠻᠠᠶᠠᠮᠠ᠂ ᠲᠣᠲ᠋ᠲ᠋ᠣᠷᠢ᠂ ᠻᠢᠣᠲ᠋ᠣ᠋ ᠢᠢᠨ ᠶᠡᠬᠡ ᠰᠤᠷᠭᠠᠭᠤᠯᠢ᠂ ᠮᠢᠶᠠᠭᠢ ᠪᠣᠯᠪᠠᠰᠤᠷᠠᠯ ᠤᠨ ᠶᠡᠬᠡ ᠰᠤᠷᠭᠠᠭᠤᠯᠢ᠂ ᠲ᠋ᠣᠻᠢᠣ᠋ ᠢᠢᠨ ᠬᠥᠳᠡᠭᠡ ᠠᠵᠤ ᠠᠬᠤᠶ ᠢᠢᠨ ᠶᠡᠬᠡ ᠰᠤᠷᠭᠠᠭᠤᠯᠢ ᠢᠢᠨ 30 ᠭᠠᠷᠤᠶ ᠣᠶᠤᠲᠠᠨ᠂ ᠪᠠᠭᠰᠢ᠂ ᠫᠷᠣᠹᠧᠰᠰᠤᠷ ᠣᠷᠤᠯᠴᠠᠯ᠎ᠠ᠃
ᠶᠠᠫᠣᠨ ᠤᠯᠤᠰ ᠤᠨ ᠵᠠᠰᠠᠭ ᠤᠨ ᠭᠠᠵᠠᠷ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠢ ᠳᠡᠮᠵᠢᠵᠦ᠂ ᠲᠠᠪᠤᠨ ᠵᠢᠯ ᠦᠨ ᠬᠤᠭᠤᠴᠠᠭᠠᠨ ᠳᠤ 50 ᠭᠠᠷᠤᠶ ᠮᠢᠩ᠋ᠭᠠᠨ ᠮᠣᠳᠤ ᠲᠠᠷᠢᠵᠤ ᠤᠷᠭᠤᠭᠤᠯᠤᠨ᠂ 20 ᠭᠠᠷᠤᠶ ᠮᠢᠩ᠋ᠭᠠᠨ ᠮᠣᠩ᠋ᠭᠤᠯ ᠬᠡᠦᠬᠡᠳ᠂ ᠵᠠᠯᠠᠭᠤᠰ ᠢ ᠡᠭᠦᠨ ᠳᠥ ᠲᠠᠲᠠᠨ ᠣᠷᠤᠯᠴᠠᠭᠤᠯᠬᠤ ᠶᠤᠮ᠃
ᠡᠨᠡ ᠬᠦᠷᠢᠶᠡᠨ ᠳᠥ ᠣᠷᠤᠬᠠᠨ᠂ ᠡᠮᠦᠨᠡᠭᠣᠪᠢ ᠠᠢᠢᠮᠠᠭ ᠲᠤ ᠣᠢ ᠢᠢᠨ ᠨᠥᠬᠦᠨ ᠰᠡᠷᠭᠦᠭᠡᠯᠲᠡ᠂ ᠵᠠᠭᠤᠨ ᠣᠢ ᠢᠢᠨ ᠬᠠᠮᠠᠭᠠᠯᠠᠯ᠂ ᠬᠡᠦᠬᠡᠳ᠂ ᠵᠠᠯᠠᠭᠤᠴᠤᠳ ᠤᠨ ᠰᠣᠯᠢᠯᠴᠠᠭᠠᠨ ᠤ ᠲᠥᠰᠦᠯ᠂ ᠬᠥᠲᠦᠯᠪᠦᠷᠢ ᠬᠡᠷᠡᠭᠵᠢᠭᠦᠯᠵᠦ᠂ ᠪᠠᠢᠢᠭᠠᠯᠢ ᠣᠷᠴᠢᠨ᠂ ᠭᠠᠮᠰᠢᠭ ᠠᠴᠠ ᠤᠷᠢᠳᠴᠢᠯᠠᠨ ᠰᠡᠷᠭᠡᠢᠢᠯᠡᠬᠦ ᠴᠢᠭᠯᠡᠯ ᠢᠶᠡᠷ ᠰᠤᠷᠭᠠᠯᠲᠠ ᠶᠠᠪᠤᠭᠤᠯᠵᠤ ᠪᠠᠢᠢᠨ᠎ᠠ᠃
2022 ᠣᠨ ᠳᠤ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠶᠠᠫᠣᠨ ᠤᠯᠤᠰ ᠲᠤ ᠬᠢᠭ᠍ᠰᠡᠨ ᠲᠥᠷᠦ ᠢᠢᠨ ᠠᠢᠢᠯᠴᠢᠯᠠᠯ ᠤᠨ ᠦᠶ᠎ᠡ ᠪᠡᠷ ᠲᠠᠯ᠎ᠠ ᠨᠤᠭᠤᠳ ᠣᠶᠤᠲᠠᠨ ᠵᠠᠯᠠᠭᠤᠰ ᠤᠨ ᠰᠣᠯᠢᠯᠴᠠᠭᠠᠨ ᠤ ᠬᠥᠲᠦᠯᠪᠦᠷᠢ ᠬᠡᠷᠡᠭᠵᠢᠭᠦᠯᠬᠦ ᠪᠡᠷ ᠲᠣᠬᠢᠷᠠᠯᠴᠠᠭᠰᠠᠨ ᠶᠤᠮ᠃
ᠡᠨᠡ ᠬᠦᠷᠢᠶᠡᠨ ᠳᠥ «ᠮᠣᠩ᠋ᠭᠤᠯ᠂ ᠶᠠᠫᠣᠨ ᠤ ᠣᠶᠤᠲᠠᠨ ᠵᠠᠯᠠᠭᠤᠴᠤᠳ ᠤᠨ ᠰᠣᠯᠢᠯᠴᠠᠭᠠᠨ ᠤ II ᠹᠣᠷᠦᠢᠮ» ᠊ᠢ ᠭᠠᠳᠠᠭᠠᠳᠤ ᠬᠠᠷᠢᠯᠴᠠᠭᠠᠨ ᠤ ᠶᠠᠮᠤ᠂ ᠶᠠᠫᠣᠨ ᠤᠯᠤᠰ ᠠᠴᠠ ᠮᠣᠩ᠋ᠭᠤᠯ ᠤᠯᠤᠰ ᠲᠤ ᠰᠠᠭᠤᠭ᠎ᠠ ᠡᠯᠴᠢᠨ ᠰᠠᠢᠢᠳ ᠤᠨ ᠶᠠᠮᠤ ᠬᠠᠮᠲᠤᠷᠠᠨ ᠵᠣᠬᠢᠶᠠᠨ ᠪᠠᠢᠢᠭᠤᠯᠤᠯ᠎ᠠ᠃ ᠠᠩᠬᠠᠳᠤᠭᠠᠷ ᠹᠣᠷᠦᠢᠮ 2023 ᠣᠨ ᠳᠤ ᠤᠯᠠᠭᠠᠨᠪᠠᠭᠠᠲᠤᠷ ᠬᠣᠲᠠᠨ᠎ᠠ ᠪᠣᠯᠵᠤ ᠪᠠᠢᠢᠭᠰᠠᠨ ᠶᠤᠮ᠃

