ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠵᠤ᠂ ᠪᠦᠭᠦᠳᠡ ᠨᠠᠢᠢᠷᠠᠮᠳᠠᠬᠤ ᠡᠮᠦᠨᠡᠳᠦ ᠰᠦᠳ᠋ᠠᠨ ᠤᠯᠤᠰ ᠲᠤ ᠡᠩᠬᠡ ᠢᠢ ᠰᠠᠬᠢᠭᠤᠯᠬᠤ ᠠᠵᠢᠯᠯᠠᠭᠠᠨ ᠳᠤ ᠡᠭᠦᠷᠭᠡ ᠭᠦᠢᠴᠡᠳᠬᠡᠭ᠍ᠰᠡᠨ 14 ᠊ᠳ᠋ᠦᠭᠡᠷ ᠡᠭᠡᠯᠵᠢ ᠢᠢᠨ ᠴᠡᠷᠢᠭ ᠦᠨ ᠪᠠᠭ ᠤᠨ ᠪᠡᠶ᠎ᠡ ᠪᠦᠷᠢᠯᠳᠦᠬᠦᠨ ᠢ ᠲᠥᠷᠦ ᠢᠢᠨ ᠣᠳᠣᠨ᠂ ᠮᠧᠳᠠᠯᠢ ᠪᠠᠷ ᠱᠠᠩᠨᠠᠯ᠎ᠠ᠃
ᠡᠷᠭᠦᠭ᠍ᠰᠡᠨ ᠲᠠᠩ᠋ᠭᠠᠷᠢᠭ ᠲᠤ ᠪᠠᠨ ᠦᠨᠡᠨᠴᠢ ᠪᠠᠢᠢᠵᠤ᠂ ᠳᠠᠶᠠᠩ ᠳᠡᠯᠡᠬᠡᠶ ᠢᠢᠨ ᠡᠩᠬᠡ ᠠᠮᠤᠭᠤᠯᠠᠩ᠂ ᠠᠶᠤᠯ ᠦᠭᠡᠢ ᠪᠠᠢᠢᠳᠠᠯ ᠤᠨ ᠲᠥᠯᠦᠭᠡ ᠡᠷ᠎ᠡ ᠵᠣᠷᠢᠭ᠂ ᠲᠡᠰᠪᠦᠷᠢ ᠬᠠᠲᠠᠭᠤᠵᠢᠯ᠂ ᠠᠪᠬᠠᠯᠵᠢ ᠰᠠᠮᠪᠠᠭ᠎ᠠ᠂ ᠤᠷ᠎ᠠ ᠴᠢᠳᠠᠪᠤᠷᠢ ᠪᠠᠨ ᠳᠠᠢᠢᠴᠢᠯᠠᠨ᠂ ᠬᠦᠯᠢᠶᠡᠭᠰᠡᠨ ᠡᠭᠦᠷᠭᠡ ᠪᠡᠨ ᠨᠡᠷ᠎ᠡ ᠲᠥᠷᠦ ᠲᠡᠢ ᠪᠡᠶᠡᠯᠡᠭᠦᠯᠦᠭᠰᠡᠨ ᠡᠩᠬᠡ ᠢᠢ ᠰᠠᠬᠢᠭᠤᠯᠤᠭᠴᠢᠳ ᠲᠤ ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤ·ᠬᠦᠷᠡᠯᠰᠦ᠋ᠬᠡ ᠲᠥᠷᠦ᠂ ᠠᠷᠠᠳ ᠲᠦᠮᠡᠨ ᠦ ᠨᠡᠷ᠎ᠡ ᠢᠢᠨ ᠡᠮᠦᠨ᠎ᠡ ᠡᠴᠡ ᠲᠠᠯᠠᠷᠬᠠᠯ ᠢᠯᠡᠷᠬᠡᠢᠢᠯᠡᠯ᠎ᠡ᠃
ᠠᠯᠪᠠ ᠬᠠᠭᠠᠭᠴᠢᠳ ᠥᠩ᠋ᠭᠡᠷᠡᠭᠰᠡᠨ ᠨᠢᠭᠡ ᠵᠢᠯ ᠦᠨ ᠬᠤᠭᠤᠴᠠᠭᠠᠨ ᠳᠤ ᠪᠦᠭᠦᠳᠡ ᠨᠠᠢᠢᠷᠠᠮᠳᠠᠬᠤ ᠡᠮᠦᠨᠡᠳᠦ ᠰᠦᠳ᠋ᠠᠨ ᠤᠯᠤᠰ ᠤᠨ ᠡᠩ ᠦᠨ ᠢᠷᠭᠡᠳ ᠢ ᠬᠠᠮᠠᠭᠠᠯᠠᠬᠤ᠂ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠪᠠᠭᠠᠵᠠ᠂ ᠠᠵᠢᠯᠴᠢᠳ ᠤᠨ ᠠᠶᠤᠯ ᠦᠭᠡᠢ ᠪᠠᠢᠢᠳᠠᠯ ᠢ ᠬᠠᠩ᠋ᠭᠠᠬᠤ᠂ ᠬᠦᠮᠦᠨᠯᠢᠭ ᠦᠨ ᠪᠠᠢᠢᠭᠤᠯᠤᠯᠭ᠎ᠠ ᠢᠢᠨ ᠦᠢᠯᠡ ᠠᠵᠢᠯᠯᠠᠭᠠᠨ ᠳᠤ ᠳᠡᠮᠵᠢᠯᠭᠡ ᠦᠵᠡᠭᠦᠯᠬᠦ ᠵᠡᠷᠭᠡ ᠡᠭᠦᠷᠭᠡ ᠪᠡᠨ ᠴᠠᠭ ᠤᠨ ᠪᠠᠢᠢᠳᠠᠯ᠂ ᠴᠠᠭ ᠠᠭᠠᠷ ᠤᠨ ᠬᠦᠨᠳᠦ ᠨᠥᠬᠦᠴᠡᠯ ᠳᠥ ᠠᠮᠵᠢᠯᠲᠠ ᠲᠠᠢ ᠭᠦᠢᠴᠡᠳᠬᠡᠭ᠍ᠰᠡᠨ ᠢ ᠲᠡᠮᠳᠡᠭᠯᠡᠯ᠎ᠡ᠃
ᠢᠯᠠᠩ᠋ᠭᠤᠶ᠎ᠠ ᠡᠨᠡ ᠣᠨ ᠤ 4᠂ 5 ᠳ᠋ᠤᠭᠠᠷ ᠰᠠᠷ᠎ᠠ ᠳᠤ ᠡᠮᠦᠨᠡᠳᠦ ᠰᠦᠳ᠋ᠠᠨ ᠤ ᠶᠦᠨᠢᠲ᠋ᠢ ᠮᠤᠵᠢ ᠳᠤ ᠪᠣᠯᠤᠭᠰᠠᠨ ᠵᠡᠪᠰᠡᠭᠲᠦ ᠮᠥᠷᠭᠦᠯᠳᠦᠭᠡᠨ ᠦ ᠦᠶ᠎ᠡ ᠪᠡᠷ 1.500 ᠣᠷᠴᠢᠮ ᠢᠷᠭᠡᠨ᠂ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠠᠵᠢᠯᠴᠢᠳ ᠢ ᠪᠦᠷᠢᠨ ᠬᠠᠮᠠᠭᠠᠯᠠᠯᠲᠠ ᠳᠤ ᠠᠪᠴᠤ᠂ ᠠᠶᠤᠯ ᠦᠭᠡᠢ ᠪᠠᠢᠢᠳᠠᠯ ᠢ ᠨᠢ ᠬᠠᠩ᠋ᠭᠠᠨ᠂ 800 ᠣᠷᠴᠢᠮ ᠳᠦᠷᠪᠡᠭ᠍ᠴᠢ ᠪᠦᠬᠦᠢ ᠴᠤᠪᠠᠭᠠᠨ ᠤ ᠬᠠᠮᠠᠭᠠᠯᠠᠯᠲᠠ ᠢᠢ ᠥᠨᠳᠦᠷ ᠲᠥᠪᠰᠢᠨ ᠳᠥ ᠵᠣᠬᠢᠶᠠᠨ ᠪᠠᠢᠢᠭᠤᠯᠤᠭᠰᠠᠨ ᠢ ᠣᠨᠴᠠᠯᠠᠯ᠎ᠠ᠃
«ᠮᠣᠩ᠋ᠭᠤᠯ ᠴᠡᠷᠢᠭ» ᠬᠡᠮᠡᠬᠦ ᠨᠡᠷ᠎ᠡ ᠢᠢ ᠳᠠᠭᠤᠷᠢᠰᠬᠠᠵᠤ ᠶᠠᠪᠤᠭ᠎ᠠ ᠮᠢᠩ᠋ᠭ᠎ᠠ ᠮᠢᠩ᠋ᠭᠠᠨ ᠡᠩᠬᠡ ᠢᠢ ᠰᠠᠬᠢᠭᠤᠯᠤᠭᠴᠢ ᠳᠠᠢᠢᠴᠢᠳ ᠤᠨ ᠭᠠᠪᠢᠶ᠎ᠠ ᠵᠢᠳᠬᠦᠯ ᠨᠢ ᠮᠣᠩ᠋ᠭᠤᠯ ᠤᠯᠤᠰ ᠤᠨ ᠨᠡᠷ᠎ᠡ ᠬᠦᠨᠳᠦ ᠢᠢ ᠣᠯᠠᠨ ᠤᠯᠤᠰ ᠤᠨ ᠲᠠᠪᠴᠠᠩ ᠳᠤ ᠪᠡᠬᠢᠵᠢᠭᠦᠯᠬᠦ᠂ ᠦᠨᠳᠦᠰᠦᠨ ᠦ ᠠᠶᠤᠯ ᠦᠭᠡᠢ ᠪᠠᠢᠢᠳᠠᠯ ᠢ ᠬᠠᠩ᠋ᠭᠠᠬᠤ ᠪᠣᠳᠤᠯᠭ᠎ᠠ᠂ ᠦᠢᠯᠡ ᠠᠵᠢᠯᠯᠠᠭᠠᠨ ᠳᠤ ᠵᠢᠩᠲᠡᠢ ᠬᠤᠪᠢ ᠨᠡᠮᠡᠷᠢ ᠣᠷᠤᠭᠤᠯᠵᠤ ᠪᠠᠢᠢᠭ᠎ᠠ ᠢᠢ ᠬᠡᠯᠡᠯ᠎ᠡ᠃
ᠮᠥᠨ ᠡᠩᠬᠡ ᠢᠢ ᠰᠠᠬᠢᠭᠤᠯᠤᠭᠴᠢᠳ ᠤᠨ ᠪᠠᠲᠤ ᠪᠡᠬᠢ ᠠᠷᠤ ᠲᠠᠯ᠎ᠠ ᠨᠢ ᠪᠣᠯᠵᠤ᠂ ᠦᠷ᠎ᠡ ᠬᠡᠦᠬᠡᠳ ᠢᠶᠡᠨ ᠥᠰᠬᠡᠨ ᠬᠦᠮᠦᠵᠢᠭᠦᠯᠬᠦ᠂ ᠡᠷᠦᠬᠡ ᠭᠡᠷ᠎ᠡ ᠠᠪᠴᠤ ᠶᠠᠪᠤᠬᠤ ᠠᠴᠢᠶᠠᠨ ᠤ ᠬᠦᠨᠳᠦ ᠢᠢ ᠡᠭᠦᠷᠴᠦ ᠪᠠᠢᠢᠳᠠᠭ ᠭᠡᠷ ᠪᠦᠯᠦ ᠳᠥ ᠨᠢ ᠲᠠᠯᠠᠷᠬᠠᠯ ᠢᠯᠡᠷᠬᠡᠢᠢᠯᠡᠵᠦ᠂ ᠠᠵᠠ ᠵᠢᠷᠭᠠᠯ᠂ ᠠᠮᠵᠢᠯᠲᠠ ᠪᠦᠲᠦᠭᠡᠯ ᠦᠨ ᠳᠡᠭᠡᠳᠦ ᠢᠢ ᠬᠦᠰᠡᠨ ᠢᠷᠦᠭᠡᠯ᠎ᠡ᠃
ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠢᠠᠷ:
• ᠴᠡᠷᠢᠭ ᠦᠨ ᠪᠠᠭ ᠤᠨ ᠠᠬᠠᠯᠠᠭᠴᠢ᠂ ᠵᠡᠪᠰᠡᠭᠲᠦ ᠬᠦᠴᠦᠨ ᠦ 311 ᠊ᠳ᠋ᠦᠭᠡᠷ ᠠᠩ᠋ᠭᠢ ᠢᠢᠨ ᠡᠩᠬᠡ ᠢᠢ ᠳᠡᠮᠵᠢᠬᠦ ᠠᠵᠢᠯᠯᠠᠭᠠᠨ ᠤ ᠰᠤᠷᠭᠠᠯᠲᠠ ᠢᠢᠨ ᠲᠥᠪ ᠦᠨ ᠡᠩᠬᠡ ᠢᠢ ᠳᠡᠮᠵᠢᠬᠦ ᠠᠵᠢᠯᠯᠠᠭᠠᠨ ᠤ ᠠᠬᠠᠯᠠᠬᠤ ᠣᠹᠢᠼᠧᠷ᠂ ᠬᠤᠷᠠᠩᠳᠠ ᠳᠤᠯᠮᠠᠵᠠᠪ ᠤᠨ ᠡᠷᠳᠡᠨᠢᠪᠢᠯᠢᠭ᠌᠂
• ᠵᠡᠪᠰᠡᠭᠲᠦ ᠬᠦᠴᠦᠨ ᠦ 284 ᠊ᠳ᠋ᠦᠭᠡᠷ ᠠᠩ᠋ᠭᠢ ᠢᠢᠨ ᠳᠦᠷᠢᠮ᠂ ᠵᠢᠭᠠᠪᠤᠷᠢ ᠪᠣᠯᠪᠠᠰᠤᠷᠠᠭᠤᠯᠬᠤ ᠰᠤᠳᠤᠯᠭᠠᠨ ᠤ ᠠᠬᠠᠯᠠᠬᠤ ᠣᠹᠢᠼᠧᠷ᠂ ᠳᠡᠳ᠋ ᠬᠤᠷᠠᠩᠳᠠ ᠨᠢᠮᠠᠰᠦ᠋ᠷᠦᠩ ᠦᠨ ᠰᠢᠨᠡᠪᠠᠶᠠᠷ᠂
ᠴᠡᠷᠢᠭ ᠦᠨ ᠭᠠᠪᠢᠶᠠᠨ ᠤ ᠣᠳᠣᠨ ᠢᠢᠠᠷ:
• ᠵᠡᠪᠰᠡᠭᠲᠦ ᠬᠦᠴᠦᠨ ᠦ 119 ᠊ᠳ᠋ᠦᠭᠡᠷ ᠠᠩ᠋ᠭᠢ ᠢᠢᠨ ᠵᠠᠬᠢᠷᠤᠭᠴᠢ ᠢᠢᠨ ᠣᠷᠤᠯᠠᠭᠴᠢ᠂ ᠶᠡᠷᠦᠩᠬᠡᠶ ᠢᠨ᠋ᠵᠧᠨ᠋ᠧᠷ᠂ ᠳᠡᠳ᠋ ᠬᠤᠷᠠᠩᠳᠠ ᠴᠠᠩᠲᠤᠤ ᠢᠢᠨ ᠪᠠᠲᠤᠴᠢᠯᠠᠭᠤᠨ᠂
• ᠵᠡᠪᠰᠡᠭᠲᠦ ᠬᠦᠴᠦᠨ ᠦ ᠲᠤᠰᠬᠠᠶ ᠬᠦᠴᠦᠨ ᠦ ᠴᠡᠷᠢᠭ ᠦᠨ ᠻᠣᠮᠠᠨ᠋ᠳ᠋᠋ᠯᠠᠯ ᠤᠨ ᠠᠬᠠᠯᠠᠭᠴᠢ ᠢᠢᠨ ᠬᠥᠭ᠍ᠵᠢᠯ ᠦᠨ ᠲᠥᠪ ᠦᠨ ᠳᠠᠷᠤᠭ᠎ᠠ᠂ ᠲᠡᠷᠢᠭᠦᠨ ᠠᠬᠠᠯᠠᠭᠴᠢ ᠲᠡᠮᠦᠷᠬᠤᠶᠠᠭ ᠤᠨ ᠰᠠᠩᠳᠠᠭᠳᠣᠷᠵᠢ᠂
ᠴᠡᠷᠢᠭ ᠦᠨ ᠬᠦᠨᠳᠦᠲᠦ ᠮᠧᠳᠠᠯᠢ ᠪᠠᠷ:
• ᠦᠨᠳᠦᠰᠦᠨ ᠦ ᠪᠠᠲᠤᠯᠠᠨ ᠬᠠᠮᠠᠭᠠᠯᠠᠬᠤ ᠶᠡᠬᠡ ᠰᠤᠷᠭᠠᠭᠤᠯᠢ ᠢᠢᠨ ᠪᠠᠲᠤᠯᠠᠨ ᠬᠠᠮᠠᠭᠠᠯᠠᠬᠤ ᠤᠳᠤᠷᠢᠳᠤᠯᠭ᠎ᠠ ᠢᠢᠨ ᠠᠻᠠᠳᠧᠮᠢ ᠢᠢᠨ ᠴᠡᠷᠢᠭ ᠦᠨ ᠣᠫᠧᠷᠠᠼ-ᠲᠠᠻᠲ᠋ᠢᠭ ᠤᠨ ᠲᠥᠪ ᠦᠨ ᠪᠠᠭᠰᠢ᠂ ᠬᠣᠰᠢᠭᠤᠴᠢ ᠮᠥᠩᠬᠡᠪᠠᠶᠠᠷ ᠤᠨ ᠪᠠᠲᠤ-ᠡᠷᠳᠡᠨᠢ᠂
• ᠵᠡᠪᠰᠡᠭᠲᠦ ᠬᠦᠴᠦᠨ ᠦ 337 ᠳ᠋ᠤᠭᠠᠷ ᠠᠩ᠋ᠭᠢ ᠢᠢᠨ ᠨᠢᠰᠬᠦ ᠢᠢᠨ ᠲᠤᠰᠬᠠᠶ ᠲᠣᠨᠤᠭᠯᠠᠯ ᠲᠠᠢ ᠠᠦ᠋ᠲ᠋ᠣ᠋ ᠲᠧᠭᠨᠢᠭ ᠦᠨ ᠢᠨ᠋ᠵᠧᠨᠧᠷ᠂ ᠠᠬᠠᠮᠠᠳ ᠰᠦᠬᠡᠪᠠᠲᠤ ᠢᠢᠨ ᠪᠠᠰᠠᠩᠳᠣᠷᠵᠢ᠂
• ᠵᠡᠪᠰᠡᠭᠲᠦ ᠬᠦᠴᠦᠨ ᠦ 331 ᠊ᠳ᠋ᠦᠭᠡᠷ ᠠᠩ᠋ᠭᠢ ᠢᠢᠨ ᠲᠡᠷᠢᠭᠦᠨ ᠠᠬᠠᠯᠠᠭᠴᠢ ᠪᠠᠲᠤᠰᠠᠨᠠᠭᠠ ᠢᠢᠨ ᠪᠠᠳᠮᠠᠨᠢᠮᠪᠤᠤ ᠨᠠᠷ ᠤᠨ 38 ᠠᠯᠪᠠ ᠬᠠᠭᠠᠭᠴᠢ ᠢᠢ᠂
ᠡᠩᠬᠡ ᠢᠢᠨ ᠲᠥᠯᠦᠭᠡ ᠮᠧᠳᠠᠯᠢ ᠪᠠᠷ:
• ᠵᠡᠪᠰᠡᠭᠲᠦ ᠬᠦᠴᠦᠨ ᠦ 338 ᠳ᠋ᠤᠭᠠᠷ ᠠᠩ᠋ᠭᠢ ᠢᠢᠨ ᠬᠢᠮᠢᠴᠢ᠂ ᠠᠷᠢᠭᠤᠳᠬᠠᠭᠴᠢ᠂ ᠳᠡᠳ᠋ ᠠᠬᠠᠯᠠᠭᠴᠢ ᠰᠦᠬᠡᠪᠠᠭᠠᠲᠤᠷ ᠤᠨ ᠪᠠᠰᠠᠩᠬᠣᠷᠯᠤ᠂
• ᠬᠢᠯᠢ ᠢᠢᠨ ᠴᠡᠷᠢᠭ ᠦᠨ 303 ᠳ᠋ᠤᠭᠠᠷ ᠠᠩ᠋ᠭᠢ ᠢᠢᠨ ᠬᠣᠯᠪᠤᠭᠠᠴᠢᠨ᠂ ᠠᠬᠠᠯᠠᠭᠴᠢ ᠪᠠᠲᠤᠲᠣᠭᠲᠠᠬᠤ ᠢᠢᠨ ᠪᠣᠯᠤᠷᠴᠢᠮᠡᠭ᠌᠂
• ᠨᠡᠢᠢᠰᠯᠡᠯ ᠦᠨ ᠣᠨᠴᠤᠭᠤᠶ ᠪᠠᠢᠢᠳᠠᠯ ᠤᠨ ᠶᠡᠷᠦᠩᠬᠡᠶ ᠭᠠᠵᠠᠷ ᠤᠨ ᠠᠪᠤᠷᠠᠭᠴᠢ᠂ ᠠᠬᠠᠯᠠᠬᠤ ᠠᠬᠠᠯᠠᠭᠴᠢ ᠳᠡᠮᠪᠡᠷᠢᠯ ᠦᠨ ᠲᠥᠷᠦᠰᠦ᠋ᠯᠳᠡ ᠨᠠᠷ ᠤᠨ 437 ᠠᠯᠪᠠ ᠬᠠᠭᠠᠭᠴᠢ ᠢᠢ ᠱᠠᠩᠨᠠᠯ᠎ᠠ᠃
ᠣᠳᠤ ᠪᠠᠷ ᠮᠠᠨ ᠤ 896 ᠴᠡᠩᠬᠡᠷ ᠳᠤᠭᠤᠯᠠᠭᠠᠲᠠᠨ ᠡᠩᠬᠡ ᠢᠢ ᠰᠠᠬᠢᠭᠤᠯᠵᠤ ᠪᠠᠢᠢᠭ᠎ᠠ ᠢᠢᠨ 14·2 ᠬᠤᠪᠢ ᠨᠢ ᠡᠮᠡᠭᠲᠡᠶ ᠪᠥᠭᠡᠳ ᠡᠨᠡ ᠦᠵᠡᠭᠦᠯᠦᠯᠲᠡ ᠪᠡᠷ ᠢᠶᠡᠨ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠳ᠋ᠤ ᠴᠡᠷᠢᠭ ᠬᠠᠨᠳᠢᠪᠯᠠᠭᠴᠢ 121 ᠣᠷᠤᠨ ᠠᠴᠠ 19 ᠊ᠳ᠋ᠦᠭᠡᠷ ᠲᠥ ᠡᠷᠢᠮᠪᠡᠯᠡᠭᠳᠡᠵᠦ ᠪᠠᠢᠢᠨ᠎ᠠ᠃
ᠮᠥᠨ ᠪᠦᠭᠦᠳᠡ ᠨᠠᠢᠢᠷᠠᠮᠳᠠᠬᠤ ᠻᠢᠫᠷ ᠤᠯᠤᠰ ᠲᠤ ᠶᠠᠪᠤᠭᠳᠠᠵᠤ ᠪᠠᠢᠢᠭ᠎ᠠ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠡᠩᠬᠡ ᠢᠢ ᠰᠠᠬᠢᠭᠤᠯᠬᠤ ᠠᠵᠢᠯᠯᠠᠭᠠᠨ ᠤ ᠴᠡᠷᠢᠭ ᠦᠨ ᠬᠦᠴᠦᠨ ᠦ ᠻᠣᠮᠠᠨ᠋ᠳ᠋᠋ᠯᠠᠭᠴᠢ ᠪᠠᠷ ᠠᠩᠬ᠎ᠠ ᠤᠳᠠᠭ᠎ᠠ ᠮᠣᠩ᠋ᠭᠤᠯ ᠭᠧᠨᠧᠷᠠᠯ ᠲᠣᠮᠢᠯᠠᠭᠳᠠᠨ ᠡᠭᠦᠷᠭᠡ ᠭᠦᠢᠴᠡᠳᠬᠡᠵᠦ ᠪᠠᠢᠢᠭ᠎ᠠ ᠶᠤᠮ᠃
ᠮᠣᠩ᠋ᠭᠤᠯ ᠴᠡᠷᠢᠭ ᠦᠨ ᠨᠡᠷ᠎ᠡ ᠬᠦᠨᠳᠦ ᠵᠢᠯ ᠡᠴᠡ ᠵᠢᠯ ᠳᠥ ᠨᠡᠮᠡᠭᠳᠡᠵᠦ᠂ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠡᠩᠬᠡ ᠢᠢ ᠰᠠᠬᠢᠭᠤᠯᠬᠤ ᠠᠵᠢᠯᠯᠠᠭᠠᠨ ᠤ ᠣᠷᠤᠯᠴᠠᠭ᠎ᠠ᠂ ᠤᠳᠤᠷᠢᠳᠬᠤ ᠠᠯᠪᠠᠨ ᠲᠤᠰᠢᠶᠠᠯᠲᠠᠨ᠂ ᠡᠮᠡᠭᠲᠡᠶ ᠡᠩᠬᠡ ᠢᠢ ᠰᠠᠬᠢᠭᠤᠯᠤᠭᠴᠢᠳ ᠤᠨ ᠲᠣᠭ᠎ᠠ ᠢᠢ ᠨᠡᠮᠡᠬᠦ ᠪᠣᠳᠤᠯᠭ᠎ᠠ ᠢᠢᠨ ᠦᠷ᠎ᠡ ᠳ᠋ᠦᠩ ᠭᠠᠷᠤᠭᠰᠠᠭᠠᠷ ᠪᠠᠢᠢᠨ᠎ᠠ᠃
ᠮᠠᠨ ᠤ ᠤᠯᠤᠰ 2002 ᠣᠨ ᠳᠤ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠻᠣᠩᠭ᠋ᠣ᠋ ᠤᠯᠤᠰ ᠲᠤ ᠠᠩᠬᠠᠨ ᠤ ᠬᠣᠶᠠᠷ ᠴᠡᠷᠢᠭ ᠦᠨ ᠠᠵᠢᠭᠯᠠᠭᠴᠢ ᠪᠠᠨ ᠢᠯᠡᠭᠡᠭ᠍ᠰᠡᠨ ᠪᠥᠭᠡᠳ ᠥᠨᠦ ᠢᠢ ᠬᠦᠷᠲᠡᠯ᠎ᠡ ᠳᠠᠪᠬᠤᠷᠳᠠᠭᠰᠠᠨ ᠲᠣᠭ᠎ᠠ ᠪᠠᠷ 22 ᠮᠢᠩ᠋ᠭ᠎ᠠ ᠭᠠᠷᠤᠶ ᠴᠡᠷᠢᠭ ᠦᠨ ᠠᠯᠪᠠ ᠬᠠᠭᠠᠭᠴᠢ ᠡᠩᠬᠡ ᠢᠢ ᠰᠠᠬᠢᠭᠤᠯᠬᠤ ᠠᠵᠢᠯᠯᠠᠭᠠᠨ ᠳᠤ ᠣᠷᠤᠯᠴᠠᠵᠠᠶ᠃








