Та "Internet explorer"-ийн сүүлийн хувилбар болох "Microsoft edge"-г ашиглана уу

Хэрэв "Microsoft edge"-г татах бол энд дарж татаж авна уу

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠲᠥᠷᠥ ᠶᠢᠨ ᠵᠥᠪᠯᠡᠯ ᠦᠨ ᠭᠡᠰᠢᠭᠦᠨ᠂ ᠭᠠᠳᠠᠭᠠᠳᠤ ᠬᠡᠷᠡᠭ ᠦᠨ ᠰᠠᠶᠢᠳ ᠸᠠᠩ ᠶᠢ ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠳᠤ ᠪᠠᠷᠠᠭᠠᠯᠬᠠᠪᠠ

ᠮᠣᠩᠭ᠋ᠣᠯ ᠤᠯᠤᠰ ᠤᠨ ᠭᠠᠳᠠᠭᠠᠳᠤ ᠬᠠᠷᠢᠯᠴᠠᠭᠠᠨ ᠤ ᠰᠠᠢᠢᠳ ᠲ ∙ ᠴᠣᠭᠲᠤᠪᠠᠭᠠᠲᠤᠷ ᠤᠨ ᠤᠷᠢᠯᠭ᠎ᠠ ᠪᠠᠷ ᠮᠣᠩᠭ᠋ᠣᠯ ᠤᠯᠤᠰ ᠲᠤ ᠠᠯᠪᠠᠨ ᠠᠢᠢᠯᠴᠢᠯᠠᠯ ᠬᠢᠵᠦ ᠪᠤᠢ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠥᠷᠥ ᠢᠢᠨ ᠵᠥᠪᠯᠡᠯ ᠦᠨ ᠭᠡᠰᠢᠭᠦᠨ᠂ ᠭᠠᠳᠠᠭᠠᠳᠤ ᠬᠡᠷᠡᠭ ᠦᠨ ᠰᠠᠢᠢᠳ ᠸᠠᠩ ᠶᠢ ᠥᠨᠥᠳᠥᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠪᠠᠷᠠᠭᠠᠯᠬᠠᠯ᠎ᠠ᠃

 

ᠨᠣᠶᠠᠨ ᠸᠠᠩ ᠶᠢ ᠠᠭᠤᠯᠵᠠᠯᠲᠠ ᠢᠢᠨ ᠡᠬᠢᠨ ᠳᠥ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠱᠢ ᠵᠢᠨᠫᠢᠨ ᠦ ᠮᠡᠨᠳᠦᠴᠢᠯᠡᠭᠡ ᠢᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠤᠯᠠᠮᠵᠢᠯᠠᠭᠠᠳ᠂ ᠡᠢᠢᠨ ᠬᠦ ᠬᠦᠯᠢᠶᠡᠨ ᠠᠪᠴᠤ ᠠᠭᠤᠯᠵᠠᠵᠤ ᠪᠠᠢᠢᠭᠠᠳ ᠨᠢ ᠲᠠᠯᠠᠷᠬᠠᠯ ᠢᠯᠡᠷᠬᠡᠢᠢᠯᠡᠪᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠳᠤ ᠬᠠᠷᠢᠭᠤ ᠮᠡᠨᠳᠦᠴᠢᠯᠡᠭᠡ ᠢᠢ ᠨᠢ ᠤᠯᠠᠮᠵᠢᠯᠠᠬᠤ ᠢᠢ ᠬᠦᠰᠡᠭᠡᠳ ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ ᠢᠢ ᠡᠳ᠋ ᠍ ᠦᠨ ᠵᠠᠰᠠᠭ ᠤᠨ ᠦᠷ᠎ᠡ ᠥᠭ᠍ᠭᠦᠭᠡᠵᠢ ᠲᠡᠢ ᠬᠥᠭ᠍ᠵᠢᠭᠦᠯᠬᠦ ᠲᠠᠯ᠎ᠠ ᠪᠠᠷ ᠲᠣᠳᠣᠷᠬᠠᠢ ᠰᠠᠨᠠᠯ ᠤᠳ ᠢᠶᠠᠨ ᠢᠯᠡᠷᠬᠡᠢᠢᠯᠡᠭᠰᠡᠨ ᠶᠤᠮ᠃ ᠮᠣᠩᠭ᠋ᠣᠯ ᠤᠯᠤᠰ ᠠᠴᠠ ᠬᠥᠳᠡᠭᠡ᠂ ᠠᠵᠤ ᠠᠬᠤᠢ ᠢᠢᠨ ᠭᠠᠷᠤᠯ ᠲᠠᠢ ᠪᠦᠲᠦᠭᠡᠭ᠍ᠳᠡᠬᠦᠨ ᠢ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠳᠥ ᠡᠺᠰᠫᠣᠷᠲ᠋ᠯᠠᠬᠤ ᠳᠤ ᠲᠠᠲᠠᠪᠤᠷᠢ ᠢᠢᠨ ᠳᠡᠮᠵᠢᠯᠭᠡ ᠦᠵᠡᠭᠦᠯᠬᠦ ᠪᠣᠯᠤᠨ ᠣᠷᠣᠰ ᠤᠨ ᠬᠣᠯᠪᠣᠭᠠᠨ ᠤ ᠤᠯᠤᠰ-ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠢ ᠬᠣᠯᠪᠣᠭᠰᠠᠨ ᠳᠡᠳ᠋ ᠪᠦᠲᠦᠴᠡ ᠢᠢ ᠮᠣᠩᠭ᠋ᠣᠯ ᠤᠯᠤᠰ ᠤᠨ ᠨᠤᠲᠤᠭ ᠢᠶᠠᠷ ᠳᠠᠮᠵᠢᠭᠤᠯᠬᠤ ᠳᠤ ᠲᠤᠰ ᠤᠯᠤᠰ ᠢ ᠠᠩᠬᠠᠷᠬᠤ ᠢᠢ ᠬᠦᠰᠡᠯ᠎ᠡ᠃ ᠮᠥᠨ ᠢᠷᠡᠬᠦ ᠵᠢᠯ ᠮᠣᠩᠭ᠋ᠣᠯ ᠤᠯᠤᠰ ᠪᠣᠯᠤᠨ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠢᠢᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 70 ᠵᠢᠯ ᠦᠨ ᠣᠢ ᠲᠣᠬᠢᠶᠠᠨ᠎ᠠ᠂ ᠡᠨᠡ ᠣᠢ ᠢᠢ ᠤᠭᠲᠤᠭᠰᠠᠨ ᠪᠣᠳᠠᠲᠤ ᠦᠷ᠎ᠡ ᠳ᠋ᠦᠩ ᠲᠡᠢ ᠠᠵᠢᠯ ᠬᠢᠬᠦ ᠰᠣᠨᠢᠷᠬᠠᠯ ᠲᠠᠢ ᠪᠠᠢᠢᠭ᠎ᠠ ᠪᠠᠨ ᠢᠯᠡᠷᠬᠡᠢᠢᠯᠡᠪᠡ᠃

 

ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠥᠷᠥ ᠢᠢᠨ ᠵᠥᠪᠯᠡᠯ ᠦᠨ ᠭᠡᠰᠢᠭᠦᠨ᠂ ᠭᠠᠳᠠᠭᠠᠳᠤ ᠬᠡᠷᠡᠭ ᠦᠨ ᠰᠠᠢᠢᠳ ᠸᠠᠩ ᠶᠢ ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ ᠢᠷᠡᠭᠡᠳᠦᠢ ᠳᠥ ᠪᠦᠬᠦᠢ ᠯᠠ ᠰᠠᠯᠪᠤᠷᠢ ᠳᠤ ᠦᠷ᠎ᠡ ᠳ᠋ᠦᠩ ᠲᠡᠢ ᠬᠥᠭ᠍ᠵᠢᠨ᠎ᠡ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠳᠤᠷᠠᠳᠤᠭᠠᠳ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠦᠢᠯᠡᠳᠪᠦᠷᠢᠯᠡᠯ᠂ ᠬᠥᠳᠡᠭᠡ᠂ ᠠᠵᠤ ᠠᠬᠤᠢ ᠪᠣᠯᠤᠨ ᠲᠡᠮᠦᠷ ᠵᠠᠮ ᠤᠨ ᠰᠠᠯᠪᠤᠷᠢ ᠳᠤ ᠮᠣᠩᠭ᠋ᠣᠯ ᠤᠯᠤᠰ ᠲᠠᠢ ᠬᠠᠮᠲᠤᠷᠠᠨ ᠠᠵᠢᠯᠯᠠᠬᠤ ᠰᠣᠨᠢᠷᠬᠠᠯ ᠲᠠᠢ ᠪᠠᠢᠢᠭ᠎ᠠ ᠪᠠᠨ ᠢᠯᠡᠷᠬᠡᠢᠢᠯᠡᠭᠰᠡᠨ ᠶᠤᠮ᠃

 

ᠲᠠᠯ ᠤᠳ ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ ᠢᠢ ᠢᠷᠡᠬᠦ ᠵᠢᠯ ᠦᠳ ᠲᠥ ᠦᠷ᠎ᠡ ᠳ᠋ᠦᠩ ᠲᠡᠢ ᠬᠥᠭ᠍ᠵᠢᠭᠦᠯᠬᠦ ᠪᠣᠯᠤᠮᠵᠢ ᠢᠢᠨ ᠲᠠᠯ᠎ᠠ ᠪᠠᠷ ᠰᠠᠨᠠᠯ ᠰᠣᠯᠢᠯᠴᠠᠵᠤ᠂ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠥᠷᠥ ᠢᠢᠨ ᠵᠥᠪᠯᠡᠯ ᠦᠨ ᠭᠡᠰᠢᠭᠦᠨ᠂ ᠭᠠᠳᠠᠭᠠᠳᠤ ᠬᠡᠷᠡᠭ ᠦᠨ ᠰᠠᠢᠢᠳ ᠸᠠᠩ ᠶᠢ ᠢᠢᠨ ᠮᠣᠩᠭ᠋ᠣᠯ ᠤᠯᠤᠰ ᠲᠤ ᠬᠢᠵᠦ ᠪᠠᠢᠢᠭ᠎ᠠ ᠠᠯᠪᠠᠨ ᠠᠢᠢᠯᠴᠢᠯᠠᠯ ᠳᠤ ᠠᠮᠵᠢᠯᠲᠠ ᠬᠦᠰᠡᠯ᠎ᠡ᠃