Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠶᠠᠫᠣᠨ-ᠮᠣᠩᠭᠣᠯ ᠤᠨ ᠬᠠᠮᠲᠤᠷᠠᠭᠰᠠᠨ ᠣᠯᠠᠨ ᠤᠯᠤᠰ ᠤᠨ ᠣᠨᠣᠯ ᠫᠷᠠᠺᠲ᠋ᠢᠭ ᠤᠨ ᠬᠤᠷᠠᠯ ᠳᠤ ᠣᠷᠣᠯᠴᠠᠵᠤ᠂ ᠦᠭᠡ ᠬᠡᠯᠡᠯ᠎ᠡ

ᠬᠣᠭᠣᠯᠠ ᠪᠣᠯᠪᠠᠰᠤᠷᠠᠭᠤᠯᠬᠤ ᠵᠠᠮ ᠤᠨ ᠮᠡᠰᠡ ᠵᠠᠰᠠᠯ᠂ ᠡᠮᠴᠢᠯᠡᠭᠡᠨ ᠦ ᠲᠤᠬᠠᠢ ᠶᠠᠫᠣᠨ-ᠮᠣᠩᠭ᠋ᠣᠯ ᠤᠨ ᠬᠠᠮᠲᠤᠷᠠᠭᠰᠠᠨ 10 ᠳ᠋ᠠᠬᠢ ᠤᠳᠠᠭ᠎ᠠ ᠢᠢᠨ ᠣᠯᠠᠨ ᠤᠯᠤᠰ ᠤᠨ ᠬᠤᠷᠠᠯ ᠨᠠᠢᠢᠮᠠᠳᠤᠭᠠᠷ ᠰᠠᠷ᠎ᠠ ᠢᠢᠨ 23-25 ᠍ ᠤ ᠡᠳᠦᠷ ᠦᠳ ᠲᠥ ᠤᠯᠠᠭᠠᠨᠪᠠᠭᠠᠲᠤᠷ ᠬᠣᠲᠠ ᠳᠤ ᠵᠣᠬᠢᠶᠠᠨ ᠪᠠᠢᠢᠭᠤᠯᠤᠭᠳᠠᠵᠤ ᠪᠠᠢᠢᠨ᠎ᠠ᠃ ᠡᠨᠡ ᠵᠢᠯ ᠦᠨ ᠣᠯᠠᠨ ᠤᠯᠤᠰ ᠤᠨ ᠬᠤᠷᠠᠯ 《ᠡᠯᠢᠭᠡ᠂ ᠰᠥᠰᠥ᠂ ᠨᠣᠢᠢᠷ ᠪᠤᠯᠴᠢᠷᠬᠠᠢ ᠢᠢᠨ ᠬᠣᠣᠷᠲᠤ ᠬᠠᠪᠤᠳᠠᠷ ᠤᠨ ᠣᠷᠴᠢᠨ ᠦᠶ᠎ᠡ ᠢᠢᠨ ᠣᠨᠣᠰᠢᠯᠠᠭ᠎ᠠ ᠡᠮᠴᠢᠯᠡᠭᠡ》 ᠰᠡᠳᠦᠪ ᠢᠶᠡᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠦᠷ ᠵᠣᠬᠢᠶᠠᠨ ᠪᠠᠢᠢᠭᠤᠯᠤᠭᠳᠠᠵᠤ ᠪᠠᠢᠢᠭ᠎ᠠ ᠶᠤᠮ᠃ ᠥᠩᠭᠡᠷᠡᠭᠰᠡᠨ ᠡᠳᠦᠷ ᠦᠳ ᠲᠥ ᠶᠠᠫᠣᠨ᠂ ᠰᠣᠯᠣᠩᠭ᠋ᠣᠰ᠂ ᠡᠨᠡᠳᠬᠡᠭ᠌᠂ ᠺᠠᠽᠠᠭᠰᠲ᠋ᠠᠨ᠂ ᠣᠷᠣᠰ ᠤᠨ ᠬᠣᠯᠪᠣᠭᠠᠨ ᠤ ᠤᠯᠤᠰ ᠪᠣᠯᠤᠨ ᠮᠣᠩᠭ᠋ᠣᠯ ᠤᠯᠤᠰ ᠤᠨ ᠡᠷᠡᠭᠦᠯ ᠮᠡᠨᠳᠦ ᠢᠢᠨ ᠰᠠᠯᠪᠤᠷᠢ ᠢᠢᠨ ᠡᠮᠴᠢ᠂ ᠡᠮᠨᠡᠯᠭᠡ ᠢᠢᠨ ᠠᠵᠢᠯᠲᠠᠨ ᠨᠤᠭᠤᠳ ᠠᠮᠢᠳᠤ ᠳ᠋ᠣᠨᠤᠷ ᠠᠴᠠ ᠡᠯᠢᠭᠡ ᠰᠢᠯᠵᠢᠭᠦᠯᠦᠨ ᠰᠠᠭᠤᠯᠭᠠᠬᠤ᠂ ᠮᠡᠰᠡ ᠵᠠᠰᠠᠯ ᠤᠨ ᠰᠢᠭᠤᠳ ᠳᠠᠮᠵᠢᠭᠤᠯᠤᠯᠲᠠ ᠵᠡᠷᠭᠡ ᠰᠡᠳᠦᠪ ᠢᠶᠡᠷ ᠶᠠᠷᠢᠯᠴᠠᠵᠤ᠂ ᠬᠠᠮᠲᠤᠷᠠᠭᠰᠠᠨ ᠪᠠᠭ ᠤᠳ ᠤᠨ ᠠᠵᠢᠯ ᠤᠨ ᠪᠠᠢᠢᠷᠢᠨ ᠳ᠋ᠠᠬᠢ ᠰᠤᠷᠭᠠᠯᠲᠠ ᠬᠢᠭ᠍ᠰᠡᠨ ᠶᠤᠮ᠃

 

ᠮᠥᠨ ᠥᠨᠥᠳᠥᠷ ᠮᠣᠩᠭ᠋ᠣᠯ ᠤᠨ ᠡᠯᠢᠭᠡ᠂ ᠰᠥᠰᠥ᠂ ᠨᠣᠢᠢᠷ ᠪᠤᠯᠴᠢᠷᠬᠠᠢ ᠢᠢᠨ ᠡᠮᠴᠢ ᠨᠠᠷ ᠤᠨ ᠨᠡᠢᠢᠭᠡᠮᠯᠢᠭ᠌᠂ ᠶᠠᠫᠣᠨ ᠤᠯᠤᠰ ᠤᠨ 《ᠨᠠᠺᠠᠶᠠᠮ᠎ᠠ》 ᠬᠠᠪᠤᠳᠠᠷ ᠰᠤᠳᠤᠯᠤᠯ ᠤᠨ ᠬᠦᠷᠢᠶᠡᠯᠡᠩ ᠡᠴᠡ ᠬᠠᠮᠲᠤᠷᠠᠨ ᠵᠣᠬᠢᠶᠠᠨ ᠪᠠᠢᠢᠭᠤᠯᠳᠠᠭ ᠨᠢᠭᠡᠳᠦᠭᠰᠡᠨ ᠬᠤᠷᠠᠯ ᠪᠣᠯᠵᠤ᠂ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠡᠭᠡᠭᠡᠯᠲᠡ ᠢᠢᠨ ᠦᠢᠯᠡ ᠠᠵᠢᠯᠯᠠᠭᠠᠨ ᠳᠤ ᠨᠢ ᠣᠷᠣᠯᠴᠠᠵᠤ᠂ ᠦᠭᠡ ᠬᠡᠯᠡᠪᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

 

《ᠡᠷᠬᠢᠮ ᠬᠦᠨᠳᠦᠳᠦ ᠡᠮᠴᠢ᠂ ᠰᠤᠳᠤᠯᠤᠭᠠᠴᠢᠳ ᠠ᠋

 

ᠭᠠᠳᠠᠭᠠᠳᠤ ᠠᠴᠠ ᠵᠣᠷᠢᠨ ᠢᠷᠡᠭᠰᠡᠨ ᠠᠨᠳᠠ ᠨᠥᠬᠥᠳ ᠡ

 

ᠲᠠ ᠪᠦᠬᠦᠨ ᠳᠦ ᠪᠣᠯᠤᠨ ᠡᠨᠳᠡ ᠬᠤᠷᠠᠨ ᠴᠤᠭᠯᠠᠷᠠᠭᠰᠠᠨ ᠪᠦᠬᠦᠨ ᠳᠥ ᠥᠯᠵᠡᠢ ᠪᠢᠯᠢᠭ᠌᠂ ᠴᠢᠯᠦᠭᠡ ᠤᠴᠠᠷᠠᠯ ᠨᠢ ᠪᠦᠷᠢᠳᠦᠭᠰᠡᠨ ᠡᠨᠡ ᠡᠳᠦᠷ ᠦᠨ ᠮᠡᠨᠳᠦ ᠢᠢ ᠬᠦᠷᠭᠡᠶ᠎ᠡ᠃

 

ᠬᠠᠪᠤᠳᠠᠷ ᠰᠤᠳᠤᠯᠤᠯ ᠤᠨ ᠦᠨᠳᠦᠰᠦᠨ ᠦ ᠲᠥᠪ᠂ ᠮᠣᠩᠭ᠋ᠣᠯ ᠤᠨ ᠡᠯᠢᠭᠡ᠂ ᠰᠥᠰᠥ᠂ ᠨᠣᠢᠢᠷ ᠪᠤᠯᠴᠢᠷᠬᠠᠢ ᠢᠢᠨ ᠡᠮᠴᠢ ᠨᠠᠷ ᠤᠨ ᠨᠡᠢᠢᠭᠡᠮᠯᠢᠭ᠌᠂ ᠶᠠᠫᠣᠨ ᠤᠯᠤᠰ ᠤᠨ 《ᠨᠠᠺᠠᠶᠠᠮ᠎ᠠ》 ᠬᠠᠪᠤᠳᠠᠷ ᠰᠤᠳᠤᠯᠤᠯ ᠤᠨ ᠬᠦᠷᠢᠶᠡᠯᠡᠩ ᠡᠴᠡ ᠬᠠᠮᠲᠤᠷᠠᠨ 《ᠬᠣᠭᠣᠯᠠ ᠪᠣᠯᠪᠠᠰᠤᠷᠠᠭᠤᠯᠬᠤ ᠵᠠᠮ ᠤᠨ ᠬᠣᠣᠷᠲᠤ ᠬᠠᠪᠤᠳᠠᠷ ᠤᠨ ᠡᠮᠴᠢᠯᠡᠭᠡ᠂ ᠣᠨᠣᠰᠢᠯᠠᠭ᠎ᠠ》 ᠰᠡᠳᠦᠪ ᠦᠨ ᠳᠣᠣᠷ᠎ᠠ ᠡᠷᠳᠡᠮ ᠰᠢᠨᠵᠢᠯᠡᠭᠡ᠂ ᠣᠨᠣᠯ ᠫᠷᠠᠺᠲ᠋ᠢᠭ ᠤᠨ ᠣᠯᠠᠨ ᠤᠯᠤᠰ ᠤᠨ ᠬᠤᠷᠠᠯ ᠢ ᠵᠣᠬᠢᠶᠠᠨ ᠪᠠᠢᠢᠭᠤᠯᠳᠠᠭ ᠨᠢ ᠤᠯᠠᠮᠵᠢᠯᠠᠯ ᠪᠣᠯᠵᠤ ᠥᠨᠥᠳᠥᠷ 10 ᠳ᠋ᠠᠬᠢ ᠵᠢᠯ ᠲᠡᠢ ᠪᠡᠨ ᠵᠣᠯᠭᠠᠵᠤ ᠪᠠᠢᠢᠭᠠᠳ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠵᠦᠭ ᠡᠴᠡ ᠲᠠᠯᠠᠷᠬᠠᠯ ᠳᠡᠪᠰᠢᠭᠦᠯᠵᠦ᠂ ᠬᠤᠷᠠᠯ ᠤᠨ ᠦᠢᠯᠡ ᠠᠵᠢᠯᠯᠠᠭᠠᠨ ᠳᠤ ᠠᠮᠵᠢᠯᠲᠠ ᠬᠦᠰᠡᠶ᠎ᠡ᠃

 

ᠠᠷᠪᠠᠨ ᠵᠢᠯ ᠭᠡᠳᠡᠭ ᠶᠡᠬᠡ ᠢᠢ ᠠᠮᠵᠢᠭᠤᠯᠬᠤ᠂ ᠲᠥᠯᠦᠪᠰᠢᠭᠦᠯᠬᠦ ᠬᠤᠭᠤᠴᠠᠭ᠎ᠠ᠃ ᠶᠠᠫᠣᠨ᠂ ᠮᠣᠩᠭ᠋ᠣᠯ ᠤᠨ ᠬᠠᠮᠲᠤᠷᠠᠭᠰᠠᠨ ᠣᠯᠠᠨ ᠤᠯᠤᠰ ᠤᠨ ᠬᠤᠷᠠᠯ ᠢ ᠠᠩᠬ᠎ᠠ ᠬᠢᠭ᠍ᠰᠡᠨ 2008 ᠣᠨ ᠠᠴᠠ ᠬᠣᠢᠢᠰᠢ᠄

 

ᠨᠣᠢᠢᠷ ᠪᠤᠯᠴᠢᠷᠬᠠᠢ ᠢᠢᠨ ᠲᠣᠯᠣᠭᠠᠢ ᠬᠡᠰᠡᠭ ᠢ ᠲᠠᠭᠠᠷᠢᠬᠤ ᠮᠡᠰᠡ ᠵᠠᠰᠠᠯ

ᠨᠣᠢᠢᠷ ᠪᠤᠯᠴᠢᠷᠬᠠᠢ ᠢᠢᠨ ᠰᠡᠭᠦᠯ ᠬᠡᠰᠡᠭ ᠢ ᠳᠤᠷᠠᠨ ᠢᠶᠠᠷ ᠲᠠᠭᠠᠷᠢᠬᠤ ᠮᠡᠰᠡ ᠵᠠᠰᠠᠯ

ᠬᠣᠳᠣᠭᠣᠳᠣ ᠢᠢ ᠪᠦᠬᠦᠯᠢ ᠳᠦᠨᠢ ᠳᠤᠷᠠᠨ ᠢᠶᠠᠷ ᠲᠠᠭᠠᠷᠢᠬᠤ ᠮᠡᠰᠡ ᠵᠠᠰᠠᠯ

ᠤᠯᠠᠭᠠᠨ ᠬᠣᠭᠣᠯᠠᠢ ᠲᠠᠭᠠᠷᠢᠬᠤ ᠮᠡᠰᠡ ᠵᠠᠰᠠᠯ

ᠡᠯᠢᠭᠡᠨ ᠦ ᠬᠣᠣᠷᠲᠤ ᠬᠠᠪᠤᠳᠠᠷ ᠤᠨ ᠦᠶ᠎ᠡ ᠢᠢᠨ ᠪᠦᠬᠦ ᠲᠥᠷᠥᠯ ᠦᠨ ᠡᠯᠢᠭᠡ ᠲᠠᠭᠠᠷᠢᠬᠤ ᠮᠡᠰᠡ ᠵᠠᠰᠠᠯ

ᠠᠮᠢᠳᠤ ᠳ᠋ᠣᠨᠤᠷ ᠠᠴᠠ ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠵᠡᠷᠭᠡ ᠣᠯᠠᠨ ᠲᠥᠷᠥᠯ ᠦᠨ ᠮᠡᠰᠡ ᠵᠠᠰᠠᠯ ᠢ ᠬᠠᠪᠤᠳᠠᠷ ᠰᠤᠳᠤᠯᠤᠯ ᠤᠨ ᠦᠨᠳᠦᠰᠦᠨ ᠦ ᠲᠥᠪ ᠬᠢᠳᠡᠭ ᠪᠣᠯᠵᠠᠢ᠃

ᠮᠥᠨ 2018 ᠣᠨ ᠤ ᠨᠢᠭᠡᠳᠦᠭᠡᠷ ᠰᠠᠷ᠎ᠠ ᠢᠢᠨ 28 ᠍ ᠤ ᠡᠳᠦᠷ ᠠᠮᠢᠳᠤ ᠳ᠋ᠣᠨᠤᠷ ᠠᠴᠠ ᠡᠯᠢᠭᠡ ᠰᠢᠯᠵᠢᠭᠦᠯᠦᠨ ᠰᠠᠭᠤᠯᠭᠠᠬᠤ ᠠᠩᠬᠠᠨ ᠤ ᠬᠠᠭᠠᠯᠭ᠎ᠠ ᠢᠢ ᠬᠠᠪᠤᠳᠠᠷ ᠰᠤᠳᠤᠯᠤᠯ ᠤᠨ ᠦᠨᠳᠦᠰᠦᠨ ᠦ ᠲᠥᠪ ᠦᠨ ᠡᠮᠴᠢ᠂ ᠮᠡᠰᠡ ᠵᠠᠰᠠᠯᠴᠢᠳ ᠠᠮᠵᠢᠯᠲᠠᠲᠠᠢ ᠬᠢᠵᠦ ᠥᠨᠥᠳᠥᠷ ᠢ ᠬᠦᠷᠲᠡᠯ᠎ᠡ ᠡᠢᠢᠮᠦ ᠠᠵᠢᠯᠪᠤᠷ ᠢ ᠲᠠᠪᠤ ᠳ᠋ᠠᠬᠢ ᠤᠳᠤᠭ᠎ᠠ ᠪᠠᠨ ᠬᠢᠭ᠍ᠰᠡᠨ ᠪᠠᠢᠢᠭ᠎ᠠ ᠨᠢ ᠡᠨᠡᠬᠦ ᠣᠨᠣᠯ᠂ ᠫᠷᠠᠺᠲ᠋ᠢᠭ ᠤᠨ ᠬᠤᠷᠠᠯ ᠤᠨ ᠥᠭ᠍ᠭᠦᠭᠡᠴᠢ᠂ ᠦᠷ᠎ᠡ ᠰᠢᠮ᠎ᠡ ᠬᠡᠮᠡᠨ ᠬᠡᠯᠡᠵᠦ ᠪᠣᠯᠤᠨ᠎ᠠ᠃ ᠲᠠ ᠪᠦᠬᠦᠨ ᠦ ᠰᠤᠷᠭᠠᠯᠲᠠ᠂ ᠦᠢᠯᠡ ᠠᠵᠢᠯᠯᠠᠭ᠎ᠠ ᠪᠣᠳᠠᠲᠤ ᠦᠷ᠎ᠡ ᠳ᠋ᠦᠩ᠂ ᠠᠮᠵᠢᠯᠲᠠ ᠳᠠᠭᠠᠭᠤᠯᠵᠤ ᠪᠠᠢᠢᠭᠠᠳ ᠮᠣᠩᠭ᠋ᠣᠯᠴᠤᠳ ᠪᠢᠳᠡ ᠲᠠᠯᠠᠷᠬᠠᠵᠤ᠂ ᠪᠠᠬᠠᠷᠬᠠᠵᠤ ᠪᠠᠢᠢᠨ᠎ᠠ᠃

 

ᠥᠨᠥᠳᠥᠷ ᠡᠨᠡ ᠲᠠᠩᠬᠢᠮ ᠳᠤ ᠶᠠᠫᠣᠨ᠂ ᠰᠣᠯᠣᠩᠭ᠋ᠣᠰ᠂ ᠡᠨᠡᠳᠬᠡᠭ᠌᠂ ᠺᠠᠽᠠᠭᠰᠲ᠋ᠠᠨ᠂ ᠲᠠᠢᠢᠸᠠᠨᠢ ᠵᠡᠷᠭᠡ ᠤᠯᠤᠰ ᠠᠴᠠ ᠡᠷᠳᠡᠮᠲᠡᠳ᠂ ᠡᠮᠴᠢ ᠨᠠᠷ ᠬᠦᠷᠦᠯᠴᠡᠨ ᠢᠷᠡᠵᠡᠢ᠃ ᠲᠠ ᠪᠦᠬᠦᠨ ᠢ ᠮᠠᠨ ᠤ ᠤᠯᠤᠰ ᠲᠤ ᠮᠣᠷᠢᠯᠠᠨ ᠰᠠᠭᠠᠳᠠᠵᠤ᠂ ᠮᠣᠩᠭ᠋ᠣᠯ ᠤᠨ ᠡᠮᠴᠢ ᠨᠠᠷ ᠲᠠᠢ ᠮᠡᠳᠡᠯᠭᠡ ᠲᠤᠷᠰᠢᠯᠭ᠎ᠠ ᠪᠠᠨ ᠰᠣᠯᠢᠯᠴᠠᠨ᠂ ᠬᠠᠮᠲᠤᠷᠠᠭᠰᠠᠨ ᠮᠡᠰᠡ ᠵᠠᠰᠠᠯ ᠬᠢᠵᠦ ᠪᠠᠢᠢᠭ᠎ᠠ ᠢᠢ ᠮᠣᠩᠭ᠋ᠣᠯ ᠤᠨ ᠡᠷᠡᠭᠦᠯ ᠮᠡᠨᠳᠦ ᠢᠢᠨ ᠰᠠᠯᠪᠤᠷᠢ ᠳᠤ ᠣᠷᠣᠭᠤᠯᠵᠤ ᠪᠤᠢ ᠦᠨᠡᠯᠡᠵᠦ ᠪᠠᠷᠠᠰᠢ ᠦᠭᠡᠢ ᠬᠤᠪᠢ ᠨᠡᠮᠡᠷᠢ ᠬᠡᠮᠡᠨ ᠦᠨᠡᠯᠡᠵᠦ ᠪᠠᠢᠢᠨ᠎ᠠ᠃ ᠬᠦᠷᠦᠯᠴᠡᠨ ᠢᠷᠡᠭᠰᠡᠨ ᠳᠥ ᠳᠠᠬᠢᠨ ᠲᠠᠯᠠᠷᠬᠠᠯ ᠢᠯᠡᠷᠬᠡᠢᠢᠯᠡᠶ᠎ᠡ᠃

 

ᠲᠥᠷᠥ ᠢᠢᠨ ᠨᠢᠭᠡ ᠴᠢᠬᠤᠯᠠ ᠡᠭᠦᠷᠭᠡ ᠪᠣᠯ ᠢᠷᠭᠡᠳ ᠦᠨ ᠢᠶᠡᠨ ᠡᠷᠡᠭᠦᠯ ᠮᠡᠨᠳᠦ ᠢᠢ ᠰᠠᠬᠢᠨ ᠬᠠᠮᠠᠭᠠᠯᠠᠬᠤ᠂ ᠡᠷᠡᠭᠦᠯ ᠠᠵᠤ ᠲᠥᠷᠥᠬᠦ ᠨᠥᠬᠥᠴᠡᠯ ᠢ ᠬᠠᠩᠭ᠋ᠠᠬᠤ ᠶᠠᠪᠤᠳᠠᠯ ᠶᠤᠮ᠃ ᠲᠡᠢᠢᠮᠦ ᠴᠤ ᠤᠴᠢᠷ ᠠᠴᠠ ᠤᠯᠠᠮ ᠪᠦᠷ ᠲᠦᠭᠰᠢᠶᠡᠵᠦ ᠪᠠᠢᠢᠭ᠎ᠠ ᠬᠣᠣᠷᠲᠤ ᠬᠠᠪᠤᠳᠠᠷ ᠤᠨ ᠡᠪᠡᠳᠴᠢᠯᠡᠯ ᠦᠨ ᠰᠢᠯᠲᠠᠭᠠᠨ᠂ ᠠᠨᠠᠭᠠᠬᠤ᠂ ᠰᠤᠪᠢᠯᠠᠬᠤ ᠠᠷᠭ᠎ᠠ ᠵᠦᠢ᠂ ᠮᠧᠨᠧᠵᠮᠧᠨ᠋ᠲ ᠲᠥ ᠡᠮᠴᠢ ᠨᠠᠷ ᠤᠨ ᠲᠡᠳᠦᠢ ᠦᠭᠡᠢ ᠨᠡᠢᠢᠲᠡ ᠢᠷᠭᠡᠳ ᠦᠨ ᠠᠩᠬᠠᠷᠤᠯ ᠢ ᠬᠠᠳᠤᠭᠤᠯᠬᠤ᠂ ᠣᠢᠢᠯᠠᠭᠠᠯᠲᠠ ᠥᠭ᠍ᠬᠦ ᠢᠢ ᠴᠢᠬᠤᠯᠠᠴᠢᠯᠠᠨ ᠦᠵᠡᠵᠦ᠂ ᠡᠨᠡ ᠣᠨᠣᠯ᠂ ᠫᠷᠠᠺᠲ᠋ᠢᠭ ᠤᠨ ᠬᠤᠷᠠᠯ ᠤᠨ ᠠᠵᠢᠯᠯᠠᠭᠠᠨ ᠳᠤ ᠵᠣᠷᠢᠭᠤᠳᠠ ᠠᠩᠬᠠᠷᠤᠯ ᠬᠠᠨᠳᠤᠭᠤᠯᠬᠤ ᠢᠢ ᠬᠦᠰᠡᠯ᠎ᠡ᠃ ᠬᠤᠷᠠᠯ ᠢ ᠤᠯᠠᠮᠵᠢᠯᠠᠯ ᠪᠣᠯᠭᠠᠨ ᠵᠣᠬᠢᠶᠠᠨ ᠪᠠᠢᠢᠭᠤᠯᠳᠠᠭ ᠬᠠᠪᠤᠳᠠᠷ ᠰᠤᠳᠤᠯᠤᠯ ᠤᠨ ᠦᠨᠳᠦᠰᠦᠨ ᠦ ᠲᠥᠪ᠂ ᠮᠣᠩᠭ᠋ᠣᠯ ᠤᠨ ᠡᠯᠢᠭᠡ᠂ ᠰᠥᠰᠥ᠂ ᠨᠣᠢᠢᠷ ᠪᠤᠯᠴᠢᠷᠬᠠᠢ ᠢᠢᠨ ᠡᠮᠴᠢ ᠨᠠᠷ ᠤᠨ ᠨᠡᠢᠢᠭᠡᠮᠯᠢᠭ᠌᠂ ᠶᠠᠫᠣᠨ ᠤ 《ᠨᠠᠺᠠᠶᠠᠮ᠎ᠠ》 ᠬᠠᠪᠤᠳᠠᠷ ᠰᠤᠳᠤᠯᠤᠯ ᠤᠨ ᠢᠨ᠋ᠰᠲ᠋ᠢᠲ᠋ᠤᠢᠲ ᠲᠥ ᠨᠡᠢᠢᠲᠡ ᠮᠣᠩᠭ᠋ᠣᠯᠴᠤᠳ ᠤᠨ ᠢᠶᠠᠨ ᠡᠮᠦᠨ᠎ᠡ ᠡᠴᠡ ᠭᠦᠨ ᠲᠠᠯᠠᠷᠬᠠᠯ ᠢᠯᠡᠷᠬᠡᠢᠢᠯᠡᠶ᠎ᠡ᠃

 

ᠥᠨᠥᠳᠥᠷ ᠪᠢᠳᠡ ᠰᠢᠯᠵᠢᠯᠲᠡ ᠢᠢᠨ ᠦᠶ᠎ᠡ ᠢᠢ ᠬᠠᠷᠠᠬᠠᠨ ᠳᠠᠭᠤᠰᠤᠭ᠎ᠠ ᠦᠭᠡᠢ ᠪᠠᠢᠢᠨ᠎ᠠ᠃ ᠠᠵᠢᠯ ᠣᠷᠣᠯᠭ᠎ᠠ ᠦᠭᠡᠢ᠂ ᠶᠠᠳᠠᠭᠤᠷᠠᠯ ᠵᠠᠷᠢᠮ ᠨᠥᠬᠥᠴᠡᠯ ᠳᠥ ᠬᠦᠨᠳᠦᠷᠡᠯᠲᠡᠢ ᠪᠠᠢᠢᠭ᠎ᠠ ᠲᠠᠢ ᠬᠣᠯᠪᠣᠭ᠎ᠠ ᠲᠠᠢ ᠪᠠᠷ ᠬᠠᠯᠳᠠᠪᠤᠷᠢᠲᠤ ᠡᠪᠡᠳᠴᠢᠨ᠂ ᠲᠡᠷᠡ ᠲᠤᠰᠤᠮ ᠢᠶᠠᠨ ᠬᠠᠪᠤᠳᠠᠷ ᠲᠠᠢ ᠬᠣᠯᠪᠣᠭᠠᠲᠠᠢ ᠠᠰᠠᠭᠤᠳᠠᠯ ᠤᠳ ᠮᠣᠩᠭ᠋ᠣᠯ ᠳᠤ ᠲᠤᠯᠭᠠᠷᠠᠵᠤ᠂ ᠰᠡᠳᠬᠢᠯ ᠲᠦᠭᠰᠢᠶᠡᠭᠰᠡᠨ᠂ ᠨᠡᠢᠢᠭᠡᠮ ᠢ ᠲᠦᠭᠰᠢᠶᠡᠭᠰᠡᠨ ᠪᠠᠢᠢᠳᠠᠯ ᠲᠠᠢ ᠪᠠᠢᠢᠭ᠎ᠠ᠃ ᠡᠨᠡ ᠠᠰᠠᠭᠤᠳᠠᠯ ᠳᠤ ᠠᠩᠬᠠᠷᠴᠤ᠂ 10 ᠵᠢᠯ ᠦᠨ ᠢᠶᠡᠨ ᠦᠷ᠎ᠡ ᠳ᠋ᠦᠩ ᠢ ᠬᠠᠷᠠᠵᠤ᠂ ᠳ᠋ᠦᠩᠨᠡᠵᠦ ᠪᠠᠢᠢᠭ᠎ᠠ ᠲᠠ ᠪᠦᠬᠦᠨ ᠳᠥ ᠳᠠᠬᠢᠨ ᠲᠠᠯᠠᠷᠬᠠᠯ ᠢᠯᠡᠷᠬᠡᠢᠢᠯᠡᠶ᠎ᠡ᠃

 

ᠪᠠᠶᠠᠷᠯᠠᠯ᠎ᠠ》 ᠭᠡᠪᠡ᠃