ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢ ᠰᠢᠨ᠎ᠡ ᠳ᠋ᠧᠯᠢ ᠬᠣᠲᠠ ᠢᠢᠨ «ᠫᠠᠯᠠᠮ» ᠨᠢᠰᠬᠦ ᠣᠩ᠋ᠭᠤᠴᠠᠨ ᠤ ᠪᠠᠭᠤᠳᠠᠯ ᠠᠴᠠ ᠪᠦᠭᠦᠳᠡ ᠨᠠᠢᠢᠷᠠᠮᠳᠠᠬᠤ ᠡᠨᠡᠳᠬᠡᠭ᠌ ᠤᠯᠤᠰ ᠤᠨ ᠢᠷᠭᠡᠨ ᠦ ᠨᠢᠰᠬᠦ ᠪᠣᠯᠤᠨ ᠬᠠᠮᠲᠤ ᠢᠢᠨ ᠠᠵᠢᠯᠯᠠᠭᠠᠨ ᠤ ᠶᠠᠮᠤᠨ ᠤ ᠲᠥᠷᠦ ᠢᠢᠨ ᠰᠠᠢᠢᠳ ᠮᠦᠷᠯᠢᠳ᠋ᠾᠠᠷ ᠮᠣᠾᠣᠷ᠂ ᠲᠤᠰ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠳᠠ᠊·ᠭᠠᠩᠪᠣᠯᠤᠳ ᠨᠠᠷ ᠦᠳᠡᠵᠦ ᠮᠣᠷᠳᠠᠭᠤᠯᠤᠯ᠎ᠠ᠃
ᠠᠢᠢᠯᠴᠢᠯᠠᠯ ᠤᠨ ᠬᠦᠷᠢᠶᠡᠨ ᠳᠥ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠪᠦᠭᠦᠳᠡ ᠨᠠᠢᠢᠷᠠᠮᠳᠠᠬᠤ ᠡᠨᠡᠳᠬᠡᠭ᠌ ᠤᠯᠤᠰ ᠤᠨ ᠶᠡᠷᠦᠩᠬᠡᠢᠢᠯᠡᠭᠴᠢ ᠳ᠋ᠷᠴᠸᠦ᠋ᠫᠠᠳᠢ ᠮᠦᠷᠮᠦ᠋ ᠲᠠᠢ ᠠᠭᠤᠯᠵᠠᠵᠤ᠂ ᠶᠡᠷᠦᠩᠬᠡᠶ ᠰᠠᠢᠢᠳ ᠨᠠᠷᠧᠨ᠋ᠳ᠋ᠷᠠ ᠮᠣᠳᠢ ᠲᠠᠶ ᠠᠯᠪᠠᠨ ᠶᠣᠰᠤᠨ ᠤ ᠬᠡᠯᠡᠯᠴᠡᠭᠡ ᠬᠢᠨ᠂ «ᠰᠲ᠋ᠷᠠᠲ᠋ᠧᠭᠢ ᠢᠢᠨ ᠲᠦᠩᠰᠢᠯᠡᠯ» ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠪᠣᠯᠤᠨ ᠪᠦᠰᠡ ᠨᠤᠲᠤᠭ᠂ ᠣᠯᠠᠨ ᠤᠯᠤᠰ ᠤᠨ ᠲᠠᠪᠴᠠᠩ ᠳ᠋ᠠᠬᠢ ᠬᠠᠮᠲᠤ ᠢᠢᠨ ᠠᠵᠢᠯᠯᠠᠭᠠᠨ ᠤ ᠠᠰᠠᠭᠤᠳᠠᠯ ᠢᠶᠠᠷ ᠰᠠᠨᠠᠯ ᠰᠣᠯᠢᠯᠴᠠᠯ᠎ᠠ᠃
ᠶᠡᠷᠦᠩᠬᠡᠢᠢᠯᠡᠭᠴᠢ ᠤ·ᠬᠦᠷᠡᠯᠰᠦ᠋ᠬᠡ᠂ ᠶᠡᠷᠦᠩᠬᠡᠶ ᠰᠠᠢᠢᠳ ᠨᠠᠷᠧᠨ᠋ᠳ᠋ᠷᠠ ᠮᠣᠳᠢ ᠨᠠᠷ ᠠᠯᠪᠠᠨ ᠶᠣᠰᠤᠨ ᠤ ᠬᠡᠯᠡᠯᠴᠡᠭᠡᠨ ᠦ ᠳ᠋ᠦᠩ ᠢᠢᠡᠷ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ ᠨᠤᠭᠤᠳ ᠤᠨ ᠲᠥᠯᠦᠭᠡᠯᠡᠯ ᠳᠥ ᠮᠡᠳᠡᠭᠡᠯᠡᠯ ᠥᠭᠴᠦ᠂ «ᠰᠲ᠋ᠷᠠᠲ᠋ᠧᠭᠢ ᠢᠢᠨ ᠲᠦᠩᠰᠢᠯᠡᠯ» ᠊ᠢ ᠪᠡᠬᠢᠵᠢᠭᠦᠯᠬᠦ ᠲᠤᠬᠠᠶ ᠬᠠᠮᠲᠤᠷᠠᠭᠰᠠᠨ ᠮᠡᠳᠡᠭᠳᠡᠯ ᠭᠠᠷᠭᠠᠯ᠎ᠠ᠃
ᠡᠨᠡ ᠤᠳᠠᠭ᠎ᠠ ᠢᠢᠨ ᠲᠥᠷᠦ ᠢᠢᠨ ᠠᠢᠢᠯᠴᠢᠯᠠᠯ ᠢᠶᠠᠷ:
- ᠬᠠᠮᠲᠤ ᠢᠢᠨ ᠠᠵᠢᠯᠯᠠᠭᠠᠨ ᠤ ᠬᠡᠲᠦ ᠢᠢᠨ ᠲᠥᠯᠦᠪ᠂ ᠲᠡᠷᠢᠭᠦᠯᠡᠬᠦ ᠴᠢᠭᠯᠡᠯ ᠦᠳ ᠢᠶᠡᠨ ᠲᠣᠳᠤᠷᠬᠠᠢᠢᠯᠠᠨ ᠭᠠᠵᠠᠷ ᠤᠨ ᠵᠢᠷᠤᠭ ᠢᠢᠠᠨ ᠵᠢᠷᠤᠵᠤ᠂ ᠬᠠᠷᠢᠯᠴᠠᠭᠠᠨ ᠤ ᠲᠡᠦᠬᠡ ᠢᠢᠨ ᠨᠢᠭᠡᠨ ᠰᠢᠨ᠎ᠡ ᠬᠠᠭᠤᠳᠠᠰᠤ ᠢᠢ ᠡᠬᠢᠯᠡᠭᠦᠯᠦᠯ᠎ᠡ᠃
- ᠬᠤᠳᠠᠯᠳᠤᠭ᠎ᠠ᠂ ᠡᠳ᠋ ᠦᠨ ᠵᠠᠰᠠᠭ᠂ ᠬᠥᠷᠦᠩ᠋ᠭᠡ ᠣᠷᠤᠭᠤᠯᠤᠯᠲᠠ᠂ ᠡᠷᠴᠢᠮ ᠬᠦᠴᠦ᠂ ᠠᠭᠤᠯᠠ ᠠᠭᠤᠷᠬᠠᠶ᠂ ᠮᠡᠳᠡᠭᠡᠯᠡᠯ ᠦᠨ ᠲᠧᠭᠨᠣᠯᠤᠭᠢ᠂ ᠰᠣᠶᠤᠯ᠂ ᠬᠦᠮᠦᠨᠯᠢᠭ᠂ ᠵᠠᠯᠠᠭᠤᠴᠤᠳ᠂ ᠰᠫᠣᠷᠲ᠂ ᠰᠣᠶᠤᠯ᠂ ᠤᠷᠠᠯᠢᠭ ᠵᠡᠷᠭᠡ ᠰᠠᠯᠪᠤᠷᠢ ᠳᠤ ᠬᠠᠮᠲᠤᠷᠠᠨ ᠠᠵᠢᠯᠯᠠᠬᠤ 10 ᠭᠠᠷᠤᠶ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠯ᠎ᠠ᠃
- ᠬᠠᠮᠲᠤ ᠢᠢᠨ ᠠᠵᠢᠯᠯᠠᠭᠠᠨ ᠤ ᠪᠡᠯᠭᠡ ᠲᠡᠮᠳᠡᠭ ᠪᠣᠯᠤᠭᠰᠠᠨ ᠭᠠᠵᠠᠷ ᠤᠨ ᠲᠣᠰᠤ ᠪᠣᠯᠪᠠᠰᠤᠷᠠᠭᠤᠯᠬᠤ ᠦᠢᠯᠡᠳᠪᠦᠷᠢ ᠢᠢᠨ ᠪᠦᠲᠦᠭᠡᠨ ᠪᠠᠢᠢᠭᠤᠯᠤᠯᠲᠠ ᠢᠢ ᠲᠥᠯᠦᠪᠯᠡᠭᠰᠡᠨ ᠬᠤᠭᠤᠴᠠᠭᠠᠨ ᠳᠤ ᠨᠢ ᠳᠠᠭᠤᠰᠬᠠᠬᠤ ᠪᠠᠨ ᠨᠤᠲᠠᠯᠠᠯ᠎ᠠ᠃
- ᠭᠤᠷᠪᠠᠳᠠᠭᠴᠢ ᠤᠯᠤᠰ ᠤᠨ ᠪᠣᠭᠤᠮᠲᠠ᠂ ᠲᠡᠭᠡᠭᠡᠪᠦᠷᠢ ᠢᠢᠨ ᠻᠣᠷᠢᠳᠣᠷ ᠤᠳ ᠢ ᠬᠠᠮᠲᠤ ᠠᠰᠢᠭᠯᠠᠬᠤ᠂ ᠡᠨᠡ ᠣᠨ ᠤ ᠰᠡᠭᠦᠯ ᠡᠴᠡ ᠤᠯᠠᠭᠠᠨᠪᠠᠭᠠᠲᠤᠷ-ᠳ᠋ᠧᠯᠢ᠂ ᠤᠯᠠᠭᠠᠨᠪᠠᠭᠠᠲᠤᠷ-ᠠᠮᠷᠢᠼᠠᠷ ᠴᠢᠭᠯᠡᠯ ᠳᠥ ᠰᠢᠭᠤᠳ ᠨᠢᠰᠦᠯᠭᠡ ᠦᠢᠯᠡᠳᠬᠦ ᠢᠢᠨ ᠵᠡᠷᠭᠡᠴᠡᠭᠡ ᠲᠷᠠᠨ᠋ᠽᠢᠲ᠋ ᠨᠢᠰᠦᠯᠭᠡ ᠢᠢ ᠨᠡᠮᠡᠭᠳᠡᠭᠦᠯᠬᠦ ᠪᠡᠷ ᠪᠣᠯᠤᠯ᠎ᠠ᠃
- ᠪᠦᠰᠡ ᠨᠤᠲᠤᠭ ᠤᠨ ᠪᠣᠯᠤᠨ ᠣᠯᠠᠨ ᠤᠯᠤᠰ ᠤᠨ ᠲᠠᠪᠴᠠᠩ ᠳᠤ ᠡᠩᠬᠡ ᠲᠠᠢᠢᠪᠤᠩ᠂ ᠲᠣᠭᠲᠠᠪᠤᠷᠢᠲᠠᠢ ᠪᠠᠢᠢᠳᠠᠯ ᠢ ᠪᠡᠬᠢᠵᠢᠭᠦᠯᠬᠦ ᠳᠥ ᠬᠠᠮᠲᠤᠷᠠᠨ ᠠᠵᠢᠯᠯᠠᠬᠤ ᠪᠠᠨ ᠨᠤᠲᠠᠯᠠᠯ᠎ᠠ᠃
- ᠪᠦᠭᠦᠳᠡ ᠨᠠᠢᠢᠷᠠᠮᠳᠠᠬᠤ ᠡᠨᠡᠳᠬᠡᠭ᠌ ᠤᠯᠤᠰ ᠤᠨ ᠰᠠᠨᠠᠭᠠᠴᠢᠯᠠᠨ ᠪᠠᠢᠢᠭᠤᠯᠤᠭᠰᠠᠨ «ᠣᠯᠠᠨ ᠤᠯᠤᠰ ᠤᠨ ᠨᠠᠷᠠᠨ ᠤ ᠡᠷᠴᠢᠮ ᠬᠦᠴᠦᠨ ᠦ ᠬᠣᠯᠪᠤᠭ᠎ᠠ» ᠊ᠳᠤ ᠮᠣᠩ᠋ᠭᠤᠯ ᠤᠯᠤᠰ ᠨᠢᠭᠡᠳᠦᠨ ᠣᠷᠤᠯ᠎ᠠ᠃
- ᠪᠦᠭᠦᠳᠡ ᠨᠠᠢᠢᠷᠠᠮᠳᠠᠬᠤ ᠡᠨᠡᠳᠬᠡᠭ᠌ ᠤᠯᠤᠰ ᠲᠠᠢ ᠬᠠᠮᠲᠤᠷᠠᠨ ᠬᠢᠯᠢ ᠬᠠᠮᠠᠭᠠᠯᠠᠬᠤ᠂ ᠵᠡᠪᠰᠡᠭᠲᠦ ᠬᠦᠴᠦᠨ ᠦ ᠴᠢᠳᠠᠪᠬᠢ ᠢᠢ ᠪᠡᠬᠢᠵᠢᠭᠦᠯᠬᠦ ᠲᠥᠰᠦᠯ᠂ ᠬᠥᠲᠦᠯᠪᠦᠷᠢ ᠬᠡᠷᠡᠭᠵᠢᠭᠦᠯᠦᠨ᠎ᠡ᠃
- «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠪᠣᠯᠤᠨ ᠡᠨᠡᠳᠬᠡᠭ᠌ ᠦᠨ «ᠡᠵᠢ ᠢᠢᠨ ᠲᠥᠯᠦᠭᠡ ᠨᠢᠭᠡ ᠮᠣᠳᠤ» ᠬᠥᠳᠡᠯᠭᠡᠭᠡᠨ ᠢ ᠤᠶᠠᠯᠳᠤᠭᠤᠯᠤᠨ ᠠᠭᠤᠷ ᠠᠮᠢᠰᠬᠤᠯ ᠤᠨ ᠥᠭᠡᠷᠡᠴᠢᠯᠡᠯᠲᠡ ᠲᠡᠢ ᠲᠡᠮᠡᠴᠡᠬᠦ ᠳᠥ ᠬᠦᠴᠦᠨ ᠴᠢᠷᠮᠠᠢᠢᠯᠲᠠ ᠪᠠᠨ ᠨᠢᠭᠡᠳᠬᠡᠬᠦ ᠪᠡᠷ ᠲᠣᠬᠢᠷᠠᠯᠴᠠᠯ᠎ᠠ᠃
- «ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠬᠦᠷᠢᠶᠡᠨ ᠳᠥ ᠬᠣᠨᠢᠨ ᠤ ᠨᠣᠣᠰᠤ ᠪᠣᠯᠪᠠᠰᠤᠷᠠᠭᠤᠯᠬᠤ᠂ ᠬᠡᠪᠢᠰ᠂ ᠨᠡᠬᠡᠮᠡᠯ ᠦᠨ ᠦᠢᠯᠡᠳᠪᠦᠷᠢᠯᠡᠯ ᠦᠨ ᠰᠠᠢᠢᠨ ᠲᠤᠷᠰᠢᠯᠭ᠎ᠠ ᠢᠢ ᠨᠡᠪᠲᠡᠷᠡᠭᠦᠯᠬᠦ ᠪᠡᠷ ᠪᠣᠯᠪᠠ᠃
- ᠲᠡᠭᠦᠬᠡᠢ ᠡᠳ᠋ ᠦᠨ ᠨᠡᠢᠢᠯᠡᠭᠦᠯᠦᠯᠲᠡ᠂ ᠨᠡᠮᠡᠭᠦᠦ ᠥᠷᠲᠡᠭ ᠰᠢᠩ᠋ᠭᠡᠭ᠍ᠰᠡᠨ ᠪᠦᠲᠦᠭᠡᠭ᠍ᠳᠡᠬᠦᠨ ᠢ ᠳᠡᠯᠡᠬᠡᠶ ᠢᠢᠨ ᠵᠠᠬ᠎ᠠ ᠵᠡᠭᠡᠯᠢ ᠳᠥ ᠬᠠᠮᠲᠤᠷᠠᠨ ᠭᠠᠷᠭᠠᠬᠤ ᠴᠢᠭᠯᠡᠯ ᠳᠥ ᠬᠠᠮᠲᠤᠷᠠᠨ ᠠᠵᠢᠯᠯᠠᠨ᠎ᠠ᠃
- «ᠢᠯᠡᠭᠡᠯᠲᠡ-2100» ᠬᠥᠲᠦᠯᠪᠦᠷᠢ ᠢᠢᠨ ᠬᠦᠷᠢᠶᠡᠨ ᠳᠥ ᠡᠨᠡᠳᠬᠡᠭ᠌ ᠦᠨ ᠵᠠᠰᠠᠭ ᠤᠨ ᠭᠠᠵᠠᠷ ᠤᠨ ᠲᠡᠳᠬᠦᠯᠭᠡᠲᠦ ᠬᠥᠲᠦᠯᠪᠦᠷᠢ ᠳᠥ ᠬᠠᠮᠤᠷᠤᠭᠳᠠᠬᠤ ᠮᠣᠩ᠋ᠭᠤᠯ ᠣᠶᠤᠲᠠᠨ ᠤ ᠲᠣᠭ᠎ᠠ ᠢᠢ 70 ᠢᠢᠠᠷ ᠨᠡᠮᠡᠯ᠎ᠡ᠃
- ᠠᠩ᠋ᠭ᠍ᠯᠢ ᠬᠡᠯᠡᠨ ᠦ 1.000 ᠪᠠᠭᠰᠢ᠂ ᠮᠡᠳᠡᠭᠡᠯᠡᠯ ᠦᠨ ᠲᠧᠭᠨᠣᠯᠤᠭᠢ ᠢᠢᠨ ᠴᠢᠭᠯᠡᠯ ᠢᠶᠡᠷ 1.000 ᠮᠡᠷᠭᠡᠵᠢᠯᠲᠡᠨ ᠰᠤᠷᠭᠠᠵᠤ᠂ «ᠮᠣᠩ᠋ᠭᠤᠯ-ᠡᠨᠡᠳᠬᠡᠭ᠌ ᠦᠨ ᠨᠠᠢᠢᠷᠠᠮᠳᠠᠯ ᠤᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ» ᠪᠠᠢᠢᠭᠤᠯᠤᠨ᠎ᠠ᠃
- ᠡᠨᠡᠳᠬᠡᠭ᠌ ᠦᠨ ᠲᠠᠯ᠎ᠠ ᠮᠣᠩ᠋ᠭᠤᠯ ᠢᠷᠭᠡᠳ ᠲᠥ ᠴᠠᠬᠢᠮ ᠸᠢᠰᠠ ᠪᠡᠨ ᠦᠨ᠎ᠡ ᠲᠥᠯᠦᠪᠦᠷᠢ ᠦᠭᠡᠢ ᠣᠯᠭᠤᠬᠤ ᠪᠠᠷ ᠪᠣᠯᠪᠠ᠃
- ᠬᠣᠶᠠᠷ ᠤᠯᠤᠰ ᠤᠨ ᠠᠵᠤ ᠠᠬᠤᠶ ᠢᠢᠨ ᠨᠢᠭᠡᠴᠡ ᠨᠤᠭᠦᠳ ᠪᠢᠽᠢᠨᠧᠰ ᠹᠣᠷᠦᠢᠮ ᠵᠣᠬᠢᠶᠠᠨ ᠪᠠᠢᠢᠭᠤᠯᠵᠤ᠂ ᠤᠷᠲᠤ ᠬᠤᠭᠤᠴᠠᠭᠠᠨ ᠤ ᠬᠠᠷᠢᠯᠴᠠᠨ ᠠᠰᠢᠭᠲᠠᠢ ᠬᠠᠮᠲᠤ ᠢᠢᠨ ᠠᠵᠢᠯᠯᠠᠭᠠᠨ ᠤ ᠦᠨᠳᠦᠰᠦ ᠰᠠᠭᠤᠷᠢ ᠪᠠᠨ ᠲᠠᠯᠪᠢᠯ᠎ᠠ᠃
- ᠦᠨᠳᠦᠰᠦᠨ ᠦ ᠤᠷᠠᠯᠢᠭ ᠤᠨ ᠶᠡᠬᠡ ᠲᠢᠶᠠᠲ᠋ᠷ ᠤᠨ ᠤᠷᠠᠨ ᠪᠦᠲᠦᠭᠡᠯᠴᠢᠳ ᠰᠢᠨ᠎ᠡ ᠳ᠋ᠧᠯᠢ ᠬᠣᠲᠠᠨ᠎ᠠ ᠠᠩᠬ᠎ᠠ ᠤᠳᠠᠭ᠎ᠠ «ᠮᠣᠩ᠋ᠭᠤᠯ ᠤᠨ ᠰᠠᠢᠢᠬᠠᠨ ᠣᠷᠤᠨ» ᠲᠣᠭᠯᠠᠯᠲᠠ ᠪᠠᠨ ᠰᠣᠨᠢᠷᠬᠠᠭᠤᠯᠤᠯᠠ᠃
- ᠠᠢᠢᠯᠴᠢᠯᠠᠯ ᠤᠨ ᠬᠦᠷᠢᠶᠡᠨ ᠳᠥ «ᠮᠣᠩ᠋ᠭᠤᠯ ᠤᠨ ᠰᠠᠢᠢᠬᠠᠨ ᠣᠷᠤᠨ» ᠭᠡᠷᠡᠯ ᠵᠢᠷᠤᠭ ᠪᠣᠯᠤᠨ ᠮᠣᠷᠢᠨ ᠬᠤᠭᠤᠷ ᠤᠨ ᠦᠵᠡᠰᠬᠦᠯᠡᠩ ᠭᠠᠷᠭᠠᠯ᠎ᠠ᠃
- ᠲᠠᠭᠠᠯᠠᠮᠵᠢᠲᠠᠢ ᠴᠠᠭ ᠲᠤ ᠪᠠᠨ ᠮᠣᠩ᠋ᠭᠤᠯ ᠤᠯᠤᠰ ᠲᠤ ᠠᠯᠪᠠᠨ ᠶᠣᠰᠤᠨ ᠤ ᠠᠢᠢᠯᠴᠢᠯᠠᠯ ᠬᠢᠬᠦ ᠤᠷᠢᠯᠭ᠎ᠠ ᠢᠢ ᠶᠡᠷᠦᠩᠬᠡᠶ ᠰᠠᠢᠢᠳ ᠨᠠ᠊·ᠮᠣᠳᠢ ᠲᠠᠯᠠᠷᠬᠠᠨ ᠬᠦᠯᠢᠶᠡᠵᠦ ᠠᠪᠤᠯ᠎ᠠ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠥᠷᠦ ᠢᠢᠨ ᠠᠢᠢᠯᠴᠢᠯᠠᠯ ᠬᠣᠶᠠᠷ ᠤᠯᠤᠰ ᠤᠨ «ᠰᠲ᠋ᠷᠠᠲ᠋ᠧᠭᠢ ᠢᠢᠨ ᠲᠦᠩᠰᠢᠯᠡᠯ» ᠤᠨ ᠬᠠᠷᠢᠯᠴᠠᠭ᠎ᠠ ᠢᠢ ᠪᠡᠬᠢᠵᠢᠭᠦᠯᠦᠨ᠂ ᠬᠤᠳᠠᠯᠳᠤᠭ᠎ᠠ᠂ ᠡᠳ᠋ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠰᠢᠨ᠎ᠡ ᠱᠠᠲᠤᠨ ᠳᠤ ᠭᠠᠷᠭᠠᠬᠤ᠂ ᠢᠷᠡᠭᠡᠳᠦᠶ ᠢᠢᠨ ᠬᠠᠮᠲᠤ ᠢᠢᠨ ᠠᠵᠢᠯᠯᠠᠭᠠᠨ ᠤ ᠴᠢᠭᠯᠡᠯ ᠢ ᠲᠣᠳᠤᠷᠬᠠᠢᠢᠯᠠᠬᠤ ᠳᠤ ᠴᠢᠬᠤᠯᠠ ᠲᠦᠯᠬᠢᠴᠡ ᠦᠵᠡᠭᠦᠯᠦᠯ᠎ᠡ᠃