«ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ «ᠪᠦᠬᠦ ᠨᠡᠢᠢᠲᠡ ᠢᠢᠨ ᠮᠣᠳᠤ ᠲᠠᠷᠢᠬᠤ ᠡᠳᠦᠷ ᠦᠳ» ᠊ᠢ ᠤᠯᠤᠰ ᠤᠨ ᠬᠡᠮᠵᠢᠶᠡᠨ ᠳᠥ ᠐᠙ ᠊ᠳ᠋ᠦᠭᠡᠷ ᠰᠠᠷ᠎ᠠ ᠠᠴᠠ ᠑᠐ ᠳ᠋ᠤᠭᠠᠷ ᠰᠠᠷ᠎ᠠ ᠢᠢ ᠳᠠᠭᠤᠰᠲᠠᠯ᠎ᠠ ᠬᠤᠭᠤᠴᠠᠭᠠᠨ ᠳᠤ ᠵᠣᠬᠢᠶᠠᠨ ᠪᠠᠢᠢᠭᠤᠯᠵᠤ ᠪᠠᠢᠢᠨ᠎ᠠ᠃
ᠥᠩᠭᠡᠷᠡᠭᠰᠡᠨ ᠠᠮᠠᠷᠠᠯᠲᠠ ᠢᠢᠨ ᠡᠳᠦᠷ ᠦᠳ ᠲᠥ ᠤᠯᠠᠭᠠᠨᠪᠠᠭᠠᠲᠤᠷ ᠬᠣᠲᠠ ᠢᠢᠨ ᠭᠤᠷᠪᠠᠨ ᠪᠠᠢᠢᠷᠢᠰᠢᠯ ᠳᠤ ᠭᠡᠬᠦ ᠳᠥ ᠯᠠ ᠲᠥᠷᠦ ᠢᠢᠨ ᠪᠣᠯᠤᠨ ᠬᠤᠪᠢ ᠢᠢᠨ ᠬᠡᠪᠰᠢᠯ ᠦᠨ ᠒᠒᠕ ᠪᠠᠢᠢᠭᠤᠯᠤᠯᠭ᠎ᠠ᠂ ᠠᠵᠤ ᠠᠬᠤᠶ ᠢᠢᠨ ᠨᠢᠭᠡᠴᠡ ᠢᠢᠨ ᠒᠂᠕᠐᠐ ᠭᠠᠷᠤᠶ ᠬᠦᠮᠦᠨ ᠑᠒ ᠲᠥᠷᠦᠯ ᠦᠨ ᠓᠂᠕᠐᠐ ᠣᠷᠴᠢᠮ ᠲᠠᠷᠢᠴᠠ᠂ ᠰᠠᠭᠤᠯᠭᠠᠴᠠ ᠲᠠᠷᠢᠯ᠎ᠠ᠃
«ᠦᠨᠳᠦᠰᠦᠨ ᠦ ᠴᠡᠴᠡᠷᠯᠢᠭᠲᠦ ᠬᠦᠷᠢᠶᠡᠯᠡᠩ» ᠳ᠋ᠦ ᠖᠕ ᠪᠠᠢᠢᠭᠤᠯᠤᠯᠭ᠎ᠠ ᠕᠐᠐᠂ «ᠣᠯᠠᠨ ᠤᠯᠤᠰ ᠤᠨ ᠡᠻᠣ ᠴᠡᠴᠡᠷᠯᠢᠭᠲᠦ ᠬᠦᠷᠢᠶᠡᠯᠡᠩ» ᠳ᠋ᠦ ᠕᠐ ᠪᠠᠢᠢᠭᠤᠯᠤᠯᠭ᠎ᠠ ᠕᠐᠐ ᠮᠣᠳᠤ᠂ ᠑᠂᠕᠐᠐ ᠰᠥᠭᠡᠭ᠌᠂ «ᠰᠢᠨ᠎ᠡ ᠨᠠᠯᠠᠢᠢᠬᠤ» ᠴᠡᠴᠡᠷᠯᠢᠭᠲᠦ ᠬᠦᠷᠢᠶᠡᠯᠡᠩ ᠳᠥ ᠙᠐ ᠣᠷᠴᠢᠮ ᠪᠠᠢᠢᠭᠤᠯᠤᠯᠭ᠎ᠠ ᠕᠐᠐ ᠮᠣᠳᠤ᠂ ᠕᠐᠐ ᠰᠥᠭᠡᠭ᠌ ᠲᠠᠷᠢᠵᠠᠶ᠃
ᠨᠠᠮᠤᠷ ᠤᠨ ᠮᠣᠳᠤ ᠲᠠᠷᠢᠬᠤ ᠡᠳᠦᠷ ᠦᠳ ᠲᠥ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠢᠢᠨ ᠰᠤᠷᠤᠭᠴᠢᠳ ᠮᠥᠨ ᠰᠠᠢᠢᠨ ᠳᠤᠷ᠎ᠠ ᠪᠠᠷ ᠣᠷᠤᠯᠴᠠᠭᠰᠠᠨ ᠪᠠᠢᠢᠨ᠎ᠠ᠃
ᠨᠠᠮᠤᠷ ᠤᠨ ᠮᠣᠳᠤ ᠲᠠᠷᠢᠯᠲᠠ ᠪᠠᠷ ᠤᠯᠤᠰ ᠤᠨ ᠬᠡᠮᠵᠢᠶᠡᠨ ᠳᠥ ᠑᠘ ᠮᠢᠩᠭ᠋᠎ᠠ ᠭᠠᠷᠤᠶ ᠪᠠᠢᠢᠭᠤᠯᠤᠯᠭ᠎ᠠ᠂ ᠠᠵᠤ ᠠᠬᠤᠶ ᠢᠢᠨ ᠨᠢᠭᠡᠴᠡ᠂ ᠢᠷᠭᠡᠨ ᠬᠣᠶᠠᠷ ᠰᠠᠶ᠎ᠠ ᠭᠠᠷᠤᠶ ᠮᠣᠳᠤ ᠲᠠᠷᠢᠭᠰᠠᠨ ᠪᠥᠭᠡᠳ ᠠᠢᠢᠮᠠᠭ᠂ ᠰᠤᠮᠤ᠂ ᠳᠡᠭᠦᠷᠭᠡ ᠨᠤᠭᠦᠳ ᠲᠥ ᠲᠠᠷᠢᠴᠠ᠂ ᠰᠠᠭᠤᠯᠭᠠᠴᠠ ᠢᠢᠨ ᠦᠵᠡᠰᠬᠦᠯᠡᠩ ᠬᠤᠳᠠᠯᠳᠤᠭ᠎ᠠ ᠭᠠᠷᠭᠠᠵᠠᠶ᠃

ᠬᠠᠷᠢᠨ ᠥᠩᠭᠡᠷᠡᠭᠰᠡᠨ ᠬᠠᠪᠤᠷ ᠓᠂᠔᠐᠐ ᠭᠠᠷᠤᠶ ᠪᠠᠢᠢᠭᠤᠯᠤᠯᠭ᠎ᠠ᠂ ᠠᠵᠤ ᠠᠬᠤᠶ ᠢᠢᠨ ᠨᠢᠭᠡᠴᠡ᠂ ᠑᠘᠕ ᠮᠢᠩᠭ᠋᠎ᠠ ᠭᠠᠷᠤᠶ ᠢᠷᠭᠡᠨ ᠘ ᠰᠠᠶ᠎ᠠ ᠔᠐᠐ ᠭᠠᠷᠤᠶ ᠮᠢᠩᠭ᠋ᠠᠨ ᠮᠣᠳᠤ ᠲᠠᠷᠢᠭᠰᠠᠨ ᠶᠤᠮ᠃
«ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠬᠡᠷᠡᠭᠵᠢᠵᠦ ᠡᠬᠢᠯᠡᠭᠰᠡᠨ ᠡᠴᠡ ᠬᠣᠢᠢᠰᠢ ᠤᠯᠤᠰ ᠤᠨ ᠬᠡᠮᠵᠢᠶᠡᠨ ᠳᠥ ᠑᠑᠗ ᠰᠠᠶ᠎ᠠ ᠮᠣᠳᠤ ᠲᠠᠷᠢᠵᠤ᠂ ᠤᠷᠭᠤᠭᠤᠯᠵᠤ ᠪᠠᠢᠢᠨ᠎ᠠ᠃ ᠒᠐᠓᠐ ᠣᠨ ᠬᠦᠷᠲᠡᠯᠡᠬᠢ ᠬᠤᠭᠤᠴᠠᠭᠠᠨ ᠳᠤ ᠠᠭᠤᠯᠠ ᠠᠭᠤᠷᠬᠠᠶ ᠢᠢᠨ ᠲᠣᠮᠣᠬᠠᠨ ᠠᠵᠤ ᠠᠬᠤᠶ ᠢᠢᠨ ᠨᠢᠭᠡᠴᠡ ᠨᠤᠭᠦᠳ ᠖᠐᠘ ᠰᠠᠶ᠎ᠠ᠂ ᠠᠢᠢᠮᠠᠭ᠂ ᠨᠡᠢᠢᠰᠯᠡᠯ ᠖᠘᠐ ᠭᠠᠷᠤᠶ ᠰᠠᠶ᠎ᠠ ᠮᠣᠳᠤ ᠲᠠᠷᠢᠵᠤ ᠤᠷᠭᠤᠭᠤᠯᠤᠨ᠎ᠠ᠃
ᠮᠣᠩᠭ᠋ᠤᠯ ᠤᠯᠤᠰ ᠤᠨ ᠶᠡᠷᠦᠩᠬᠡᠢᠢᠯᠡᠭᠴᠢ ᠢᠢᠨ ᠒᠐᠒᠑ ᠣᠨ ᠤ ᠕᠘ ᠳ᠋ᠤᠭᠠᠷ ᠵᠠᠷᠯᠢᠭ ᠢᠶᠠᠷ ᠵᠢᠯ ᠪᠦᠷᠢ ᠢᠢᠨ ᠬᠠᠪᠤᠷ᠂ ᠨᠠᠮᠤᠷ ᠪᠦᠬᠦ ᠨᠡᠢᠢᠲᠡ ᠪᠡᠷ ᠮᠣᠳᠤ ᠲᠠᠷᠢᠵᠤ᠂ ᠠᠷᠠᠴᠢᠯᠠᠵᠤ᠂ ᠤᠷᠭᠤᠭᠤᠯᠳᠠᠭ ᠪᠣᠯᠤᠭᠰᠠᠨ ᠶᠤᠮ᠃

